ᠪᠠᠷᠭᠤ ᠪᠤᠷᠢᠶᠠᠳ ᠮᠤᠩᠭᠤᠯᠴᠤᠳ ᠤᠨ ᠤᠭ ᠤᠨ ᠪᠢᠴᠢᠭ
ᠨᠡᠶᠢᠲᠡᠯᠡᠭᠰᠡᠨ ᠴᠠᠭ᠄
2019/2/14
    ᠵᠣᠬᠢᠶᠠᠭᠴᠢ᠄  ᠪ᠊ · ᠠᠳᠠᠢᠶ᠎ᠠ       ᠤᠭ ᠤᠨ ᠪᠢᠴᠢᠭ ᠭᠡᠵᠤ ᠶᠠᠭᠤ ᠪᠤᠢ︖             ᠮᠤᠩᠭᠤᠯᠴᠤᠳ ᠤᠨ ᠲᠤᠮᠳᠠ ᠦᠪᠡᠷᠰᠡᠳ ᠤᠨ ᠤᠳᠤᠮ ᠤᠨ ᠢᠶᠠᠨ ᠲᠠᠤᠭᠡ ᠶᠢ ᠤᠭ ᠢᠵᠠᠭᠤᠷ ᠤᠨ  ᠦᠡᠳᠤᠷ ᠲᠡᠭᠡᠳᠤ ᠡᠪᠦᠭᠡ ᠠᠴᠠ ᠪᠠᠨ ᠡᠬᠢᠯᠡᠨ ᠠᠮᠠᠨ ᠪᠤᠯᠤᠨ ᠪᠢᠴᠢᠭ ᠤᠨ ᠭᠡᠯᠪᠡᠷᠢ ᠪᠠᠷ ᠲᠡᠮᠳᠡᠭᠯᠡᠨ ᠦᠯᠡᠳᠡᠭᠡᠬᠦ  ᠤᠯᠠᠮᠵᠢᠯᠠᠯ ᠨᠠᠩ ᠡᠷᠳᠡ ᠡᠬᠦᠰᠴᠤ᠂ ᠲᠡᠷᠡ ᠨᠢ ᠲᠤᠬᠠᠢ ᠶᠢᠨ ᠦᠶ᠎ᠠ ᠶᠢᠨ ᠨᠠᠶᠢᠭᠡᠮ ᠤᠨ ᠢᠶᠠᠨ ᠬᠦᠭᠵᠢᠯ ᠤᠨ ᠲᠥᠪᠰᠢᠨ ᠲᠠᠢ ᠬᠤᠯᠪᠤᠭᠳᠠᠨ ᠡᠬᠢᠨ ᠤ ᠦᠶ᠎ᠠ ᠳᠡᠭᠡᠨ ᠤᠪᠤᠭ ᠨᠠᠶᠢᠳᠠ ᠶᠢᠨ ᠲᠠᠤᠭᠡ ᠶᠢᠨ ᠲᠠᠮᠳᠡᠭᠯᠡᠯ ᠰᠢᠡᠵᠢᠳᠡᠢ  ᠪᠠᠶᠢᠭᠠᠳ ᠤᠪᠤᠭ ᠵᠠᠳᠠᠷᠠᠵᠤ ᠹᠸᠤᠳᠠᠯ ᠤᠨ ᠬᠠᠷᠢᠯᠴᠠᠭ᠎ᠠ ᠡᠬᠦᠰᠴᠤ ᠬᠦᠭᠵᠢᠬᠦ ᠶᠢᠨ ᠬᠢᠷᠢ ᠪᠠᠷ ᠡᠷᠥᠭᠡ ᠭᠡᠷ ᠤᠨ  ᠲᠠᠤᠭᠡ ᠪᠤᠯᠤᠨ ᠬᠤᠪᠢᠷᠠᠭᠰᠠᠨ ᠪᠠᠶᠢᠨ᠎ᠠ᠃ ᠡᠨᠡ ᠨᠢ ᠹᠸᠤᠳᠠᠯ ᠤᠨ ᠨᠠᠶᠢᠭᠡᠮ ᠤᠨ ᠬᠦᠡᠵᠡᠭᠡᠶᠢᠷᠡᠨ ᠬᠦᠭᠵᠢᠬᠦ  ᠶᠠᠪᠤᠴᠠ ᠳᠤ ᠨᠠᠶᠢᠭᠡᠮ ᠤᠨ ᠠᠮᠢᠳᠤᠷᠠᠯ ᠳᠤ ᠭᠡᠷ ᠤᠨ ᠲᠡᠤᠭᠡ ᠶᠢᠨ ᠬᠦᠢᠴᠡᠳᠭᠡᠬᠦ ᠡᠬᠦᠷᠭᠡ ᠶᠡᠭᠡᠳᠡ ᠦᠰᠴᠤ᠂  ᠰᠤᠷᠪᠤᠯᠵᠢᠳᠤ ᠡᠷᠥᠭᠡ ᠪᠥᠷᠢ ᠶᠢᠨ ᠵᠠᠶᠢᠯᠠᠰᠢ ᠦᠭᠡᠢ ᠬᠦᠳᠥᠯᠬᠦ ᠠᠯᠪᠡᠨ ᠪᠠᠷᠢᠮᠳᠠ ᠪᠤᠯᠵᠠᠢ᠃             ᠮᠡᠨ ᠤ ᠡᠷᠢᠨ ᠤ 8 ᠳ᠋ᠤᠭᠠᠷ ᠵᠠᠭᠤᠨ ᠤ ᠦᠶ᠎ᠠ ᠳᠤ ᠮᠤᠩᠭᠤᠯᠴᠤᠳ ᠤᠪᠤᠭ ᠨᠠᠶᠢᠳᠠ ᠶᠢᠨ ᠪᠤᠯᠤᠨ  ᠰᠤᠷᠪᠤᠯᠵᠢᠳᠤ ᠡᠷᠥᠭᠡ ᠠᠶᠢᠯ ᠤᠨ ᠡᠷᠡᠴᠤᠳ ᠤᠨ ᠦᠶ᠎ᠠ ᠵᠠᠯᠭᠠᠮᠵᠢ ᠶᠢ ᠵᠢᠷᠤᠭᠯᠠᠭᠰᠠᠨ ᠲᠠᠤᠭᠡ ᠲᠠᠮᠳᠡᠭᠯᠡᠯ  ᠬᠦᠳᠥᠯᠳᠡᠭ ᠪᠠᠶᠢᠭᠰᠠᠨ ᠢ 1240 ᠤᠨ ᠳᠤ ᠵᠤᠬᠢᠶᠠᠭᠳᠠᠭᠰᠠᠨ ︽ᠮᠤᠩᠭᠤᠯ ᠤᠨ ᠨᠢᠭᠤᠴᠠ ᠲᠤᠪᠴᠢᠶᠡᠨ︾  ᠭᠡᠷᠡᠴᠢᠯᠡᠵᠤ ᠪᠠᠶᠢᠨ᠎ᠠ᠃             ︽ᠮᠤᠩᠭᠤᠯ ᠤᠨ ᠨᠢᠭᠤᠴᠠ ᠲᠤᠪᠴᠢᠶᠡᠨ︾ ᠪᠤᠯ ᠮᠠᠰᠢ ᠤᠯᠠᠨ ᠤᠪᠤᠭ ᠤᠨ ᠭᠠᠷᠤᠯ ᠡᠬᠦᠰᠥᠯ ᠲᠠᠬᠦᠨ ᠤ  ᠲᠡᠤᠭᠡ ᠶᠢ ᠲᠤᠪᠴᠢᠶᠠᠯᠠᠨ ᠪᠢᠴᠢᠭᠰᠡᠨ ᠰᠥᠮᠪᠤᠷ ᠤᠷᠬᠢᠯ ᠪᠢᠯᠡ᠃ ᠭᠡᠷ ᠤᠨ ᠲᠠᠤᠭᠡ ᠶᠢ ᠬᠦᠳᠥᠯᠵᠤ ᠢᠷᠡᠭᠰᠡᠨ ᠪᠢᠴᠢᠭ ᠤᠨ ᠤᠯᠠᠮᠵᠢᠯᠠᠯ ᠶᠠᠷᠥᠩᠭᠡᠢ ᠳᠡᠭᠡᠨ ᠭᠤᠷᠪᠡᠨ ᠶᠠᠩᠵᠤ ᠶᠢᠨ  ᠪᠠᠶᠢᠨ᠎ᠠ᠃ ᠡᠬᠦᠨ ᠳᠤ᠄              1. ᠲᠡᠭᠡᠷ᠎ᠠ ᠠᠴᠠ ᠲᠤᠷᠤᠭᠰᠢ ᠴᠤᠪᠤᠭᠤᠯᠤᠨ ᠰᠠᠯᠪᠤᠷᠢᠯᠠᠭᠤᠯᠵᠤ ᠪᠢᠴᠢᠬᠦ᠃              2. ᠮᠤᠳᠤᠨ ᠤ ᠴᠠᠭᠠᠷᠢᠭ ᠮᠡᠳᠤ ᠲᠤᠭᠤᠷᠢᠭ ᠲᠠᠳᠠᠨ ᠬᠦᠳᠥᠯᠬᠦ᠃              3. ᠮᠤᠳᠤᠨ ᠤ ᠮᠥᠴᠢᠷ ᠮᠡᠳᠤ ᠰᠠᠯᠪᠤᠷᠢᠯᠠᠭᠤᠯᠤᠨ ᠵᠢᠷᠤᠵᠤ ᠪᠢᠴᠢᠬᠦ ᠵᠠᠷᠭᠡ ᠭᠤᠷᠪᠡᠨ ᠭᠡᠯᠪᠡᠷᠢ ᠪᠠᠶᠢᠨ᠎ᠠ᠃             ᠡᠬᠦᠨ ᠠᠴᠠ ᠪᠠᠷᠭᠤ᠂ ᠪᠤᠷᠢᠶᠠᠳ ᠮᠤᠩᠭᠤᠯᠴᠤᠳ ᠤᠭ ᠤᠨ ᠪᠢᠴᠢᠭ ᠢᠶᠠᠨ ᠤᠯᠠᠮᠵᠢᠯᠠᠨ ᠢᠷᠡᠭᠰᠡᠨ  ᠭᠤᠷᠪᠠᠳᠠᠬᠢ ᠬᠤᠪᠢᠯᠪᠤᠷᠢ ᠪᠠᠷ ᠶᠠᠭᠡᠪᠴᠢᠯᠡᠨ ᠬᠦᠳᠥᠯᠵᠤ ᠪᠠᠶᠢᠵᠠᠢ᠃              ᠤᠭ ᠤᠨ ᠪᠢᠴᠢᠭ ᠡᠷᠳᠡᠨ ᠠᠴᠠ ᠬᠦᠳᠥᠯᠵᠤ ᠢᠷᠡᠭᠰᠡᠨ ᠡᠨᠡ ᠬᠦ ᠤᠯᠠᠮᠵᠢᠯᠠᠯ ᠮᠡᠨ ᠤ ᠬᠢᠨ ᠳᠤ ᠨᠢᠭᠡᠨ  ᠦᠶ᠎ᠠ ᠪᠥᠷᠬᠦᠭᠳᠡᠨ ᠲᠠᠰᠤᠷᠠᠭᠰᠠᠨ ᠪᠤᠯᠪᠠᠴᠤ ᠲᠠᠬᠦᠨ ᠤ ᠲᠠᠪᠳᠠᠭᠳᠠᠰᠢ ᠦᠭᠡᠢ ᠦᠨ᠎ᠠ ᠴᠠᠨ᠎ᠠ᠂ ᠤᠷᠤᠭ ᠲᠥᠷᠤᠯ  ᠪᠤᠯᠠᠩᠬᠢᠷᠳᠤᠬᠤ ᠦᠭᠡᠢ ᠴᠡᠪᠡᠷ ᠪᠠᠶᠢᠬᠤ ᠠᠴᠢ ᠬᠤᠯᠪᠤᠭᠳᠠᠯ ᠢ ᠤᠬᠠᠪᠤᠷᠢᠯᠠᠭᠰᠠᠨ ᠤ ᠦᠡᠳᠤᠰᠤᠨ ᠲᠡᠭᠡᠷ᠎ᠠ  ᠲᠥᠷᠤ ᠠᠴᠠ ᠠᠬᠢᠨ ᠰᠡᠷᠬᠦᠭᠡᠬᠦ ᠠᠷᠭ᠎ᠠ ᠭᠡᠮᠵᠢᠶ᠎ᠠ ᠶᠢ ᠬᠤᠵᠢᠭᠤ ᠴᠤ ᠭᠡᠰᠡᠨ ᠠᠪᠤᠭᠰᠠᠨ᠃              ᠲᠤᠬᠠᠢᠢᠯᠠᠪᠡᠯ᠄ ᠤᠭ ᠤᠨ ᠪᠢᠴᠢᠭ ᠢ ᠰᠡᠷᠬᠦᠭᠡᠨ ᠬᠦᠳᠥᠯᠬᠦ ᠲᠤᠬᠠᠢ 1996 ᠤᠨ ᠳᠤ ᠪᠠᠳᠤᠯᠠᠭᠳᠠᠭᠰᠠᠨ  ᠮᠤᠩᠭᠤᠯ ᠤᠯᠤᠰ ᠤᠨ ᠰᠤᠶᠤᠯ ᠤᠨ ᠲᠤᠬᠠᠢ ᠬᠠᠤᠯᠢ ᠶᠢᠨ 2 ᠳ᠋ᠤᠭᠠᠷ ᠪᠥᠯᠦᠭ ᠤᠨ 5 ᠳ᠋ᠤᠭᠠᠷ ᠵᠦᠢᠯ ᠳᠤ ︽ᠭᠡᠷ  ᠪᠦᠯᠢ ᠶᠢᠨ ᠰᠤᠶᠤᠯ ᠬᠦᠮᠤᠵᠢᠯ ᠤᠨ ᠤᠯᠠᠮᠵᠢᠯᠠᠯ ᠢ ᠲᠡᠭᠡᠳᠥᠯᠡᠨ ᠬᠦᠭᠵᠢᠬᠦᠯᠵᠤ ᠤᠳᠠᠭᠠᠬᠢ ᠤᠭᠰᠠᠭ᠎ᠠ ᠮᠡᠳᠡᠬᠦ᠂  ᠤᠭ ᠤᠨ ᠪᠢᠴᠢᠭ ᠬᠦᠳᠥᠯᠬᠦ︾ ᠭᠡᠵᠤ ᠵᠢᠭᠠᠭᠰᠠᠨ ᠪᠤᠢ᠃ ᠡᠬᠦᠨ ᠲᠠᠢ ᠬᠤᠯᠪᠤᠭᠳᠠᠵᠤ ᠮᠤᠩᠭᠤᠯ ᠤᠯᠤᠰ ᠤᠨ ᠶᠡᠭᠡ  ᠬᠤᠷᠠᠯ ᠤᠨ 1996 ᠤᠨ ᠤ 22 ᠳ᠋ᠤᠭᠠᠷ ᠲᠤᠭᠳᠠᠭᠠᠯ ᠳᠤ ᠮᠤᠩᠭᠤᠯ ᠤᠯᠤᠰ ᠤᠨ ᠶᠠᠷᠥᠩᠭᠡᠶᠢᠯᠡᠭᠴᠢ ᠶᠢᠨ 1991  ᠤᠨ ᠤ 115 ᠳ᠋ᠤᠭᠠᠷ ᠵᠠᠷᠯᠢᠭ᠂ ᠮᠤᠩᠭᠤᠯ ᠤᠯᠤᠰ ᠤᠨ ᠵᠠᠰᠠᠭ ᠤᠨ ᠭᠠᠵᠠᠷ ᠤᠨ 1997 ᠤᠨ ᠤ 17 ᠳ᠋ᠤᠭᠠᠷ  ᠲᠤᠭᠳᠠᠭᠠᠯ ᠤᠳ ᠲᠤᠰ ᠲᠤᠰ ᠭᠠᠷᠴᠠᠢ᠃ ᠡᠬᠦᠨ ᠠᠴᠠ ᠬᠤᠶᠢᠰᠢ ᠤᠭ ᠤᠨ ᠪᠢᠴᠢᠭ ᠢ ᠠᠷᠠᠳ ᠢᠷᠭᠡᠳ ᠬᠦᠳᠥᠯᠵᠤ  ᠤᠪᠤᠭ ᠤᠷᠤᠭ ᠤᠨ ᠲᠠᠨᠢᠯᠴᠠᠬᠤ ᠴᠤᠭᠯᠠᠷᠠᠯᠳᠠ᠂ ᠨᠠᠭᠠᠳᠤᠮ ᠵᠤᠬᠢᠶᠠᠨ ᠪᠠᠶᠢᠭᠤᠯᠤᠭᠳᠠᠬᠤ ᠪᠤᠯᠤᠭᠰᠠᠨ᠃              ᠤᠪᠤᠭ ᠭᠡᠵᠤ ᠶᠠᠭᠤ ᠪᠤᠢ︖              ᠤᠭ ᠤᠨ ᠪᠢᠴᠢᠭ ᠤᠨ ᠦᠡᠳᠤᠰᠤ ᠪᠤᠯᠤᠭᠰᠠᠨ ᠤᠪᠤᠭ᠂ ᠲᠠᠬᠦᠨ ᠤ ᠲᠤᠬᠠᠢ ᠲᠤᠷᠠᠳᠪᠡᠯ  ᠰᠤᠳᠤᠯᠤᠭᠠᠴᠢᠳ ᠤᠪᠤᠭ ᠭᠡᠳᠡᠭ ᠢ ︽ᠨᠢᠭᠡᠨ ᠡᠪᠦᠭᠡ ᠲᠡᠭᠡᠳᠤᠰ ᠠᠴᠠ ᠭᠠᠷᠤᠯᠳᠠᠢ ᠶᠠᠰᠤᠨ ᠲᠥᠷᠤᠯ ᠤᠨ ᠬᠤᠯᠪᠤᠭ᠎ᠠ  ᠪᠥᠬᠦᠢ ᠪᠦᠯᠦᠭ ᠬᠦᠮᠤᠰ ᠤᠨ ᠲᠤᠮᠳᠠ ᠦᠶ᠎ᠠ ᠤᠯᠠᠮᠵᠢᠯᠠᠨ ᠭᠡᠷᠡᠭᠯᠡᠳᠡᠭ ᠨᠠᠷᠠᠯᠠᠯ ᠪᠤᠯᠤᠨ᠎ᠠ᠃ ᠡᠨᠡ ᠬᠦ ᠤᠯᠠᠮᠵᠢᠯᠠᠯ  ᠬᠦᠮᠤᠨ ᠤ ᠨᠠᠶᠢᠭᠡᠮ ᠳᠤ ᠡᠴᠢᠭᠡ ᠶᠢᠨ ᠡᠷᠭᠡᠳᠤ ᠶᠤᠰᠤ ᠨᠤᠶᠠᠷᠬᠠᠬᠤ ᠠᠴᠠ ᠡᠮᠤᠨ᠎ᠠ᠂ ᠡᠭᠡ ᠶᠢᠨ ᠡᠷᠭᠡᠳᠤ ᠶᠤᠰᠤᠨ ᠤ  ᠦᠶ᠎ᠠ ᠠᠴᠠ ᠤᠯᠪᠠᠭᠠᠳᠠᠢ ᠪᠥᠭᠡᠳ ᠲᠠᠬᠦᠨ ᠢ ︿ᠤᠮᠤᠭ﹀ ᠭᠡᠰᠡᠨ ᠤᠬᠠᠭᠳᠠᠬᠤᠨ ᠳᠤ ᠬᠠᠮᠤᠷᠤᠭᠤᠯᠵᠤ ᠪᠠᠶᠢᠵᠠᠢ︾  ᠭᠡᠰᠡᠨ ᠪᠠᠶᠢᠳᠠᠭ᠃              12 — 13 ᠳ᠋ᠤᠭᠠᠷ ᠵᠠᠭᠤᠨ ᠤ ᠦᠶ᠎ᠠ ᠶᠢᠨ ᠮᠤᠩᠭᠤᠯ᠂ ᠲᠥᠷᠺ ᠤᠭᠰᠠᠭᠠᠳᠠᠨ ᠨᠢ ᠤᠪᠤᠭ ︵ ᠠᠶᠢᠮᠠᠭ ︶ ᠤᠨ ᠵᠤᠬᠢᠶᠠᠨ ᠪᠠᠶᠢᠭᠤᠯᠤᠯᠳᠠ ᠪᠠᠷ ᠠᠮᠢᠳᠤᠷᠠᠨ ᠰᠠᠭᠤᠳᠠᠭ ᠨᠠᠶᠢᠭᠡᠮ ᠤᠨ ᠵᠤᠬᠢᠶᠠᠨ ᠪᠠᠶᠢᠭᠤᠯᠤᠯᠳᠠ ᠳᠤ  ᠰᠢᠯᠵᠢᠭᠰᠡᠨ ᠪᠠᠶᠢᠨ᠎ᠠ ︵ᠦᠭᠡᠷ᠎ᠠ ᠪᠠᠷ ᠭᠡᠯᠡᠪᠡᠯ ᠲᠤᠬᠠᠢ ᠶᠢᠨ ᠦᠶ᠎ᠠ ᠶᠢᠨ ᠵᠠᠰᠠᠭ ᠵᠠᠬᠢᠷᠭᠠᠨ ᠤ ᠵᠤᠬᠢᠶᠠᠨ  ᠪᠠᠶᠢᠭᠤᠯᠤᠯᠳᠠ︶᠃             ᠲᠡᠷᠡ ᠦᠶ᠎ᠠ ᠳᠤ ᠤᠳᠤ ᠶᠢᠨ ᠠᠶᠢᠮᠠᠭ ᠭᠡᠮᠡᠬᠦ ᠶᠢ ︽ᠤᠪᠤᠭ︾ ᠭᠡᠵᠤ ᠨᠠᠷᠠᠯᠡᠳᠡᠭ ᠪᠠᠶᠢᠭᠰᠠᠨ ᠪᠡ ᠡᠨᠡ  ᠲᠤᠬᠠᠢ ᠬ᠊ · ᠫᠧᠷᠯᠠᠢ ᠠᠪᠤᠭᠠᠢ ᠲᠠᠮᠳᠡᠭᠯᠡᠬᠦ ᠳᠡᠭᠡᠨ᠄ ᠲᠡᠷᠡ ︽ᠤᠪᠤᠭ︾ ᠭᠡᠳᠡᠭ ᠨᠢ ᠪᠢᠳᠡᠨ ᠤ ᠭᠡᠷᠡᠭᠯᠡᠭᠰᠡᠭᠡᠷ  ᠵᠠᠩᠰᠢᠬᠰᠠᠨ ︽ᠠᠶᠢᠮᠠᠭ︾ ᠲᠠᠢ ᠤᠳᠬ᠎ᠠ ᠲᠠᠭᠠᠷᠠᠵᠤ ᠪᠠᠶᠢᠨ᠎ᠠ ᠭᠡᠵᠠᠢ᠃ ᠲᠡᠭᠡᠬᠦᠯᠠᠷ ᠲᠠᠤᠭᠡᠨ ᠬᠤᠭᠤᠴᠠᠭᠠᠨ ᠳᠤ  ᠤᠪᠤᠭ᠂ ᠠᠶᠢᠮᠠᠭ᠂ ᠤᠮᠤᠭ᠂ ᠡᠯᠬᠢᠨ᠂ ᠬᠠᠯᠠᠭ᠎ᠠ᠂ ᠬᠦᠬᠦᠤᠷ ᠭᠡᠬᠦ ᠮᠡᠳᠤ ᠪᠠᠷ ᠮᠤᠩᠭᠤᠯ ᠤᠭᠰᠠᠭᠠᠳᠠᠨ ᠨᠤᠭᠤᠳ  ᠲᠤᠤᠷ᠎ᠠ ᠪᠥᠷᠢ ᠳᠡᠭᠡᠨ ᠨᠠᠷᠠᠯᠠᠨ ᠢᠷᠠᠵᠠᠢ᠃             ᠡᠨᠡ ᠬᠦ ᠤᠪᠤᠭ ᠭᠡᠳᠡᠭ ᠨᠢ ᠮᠤᠩᠭᠤᠯ ᠤᠭᠰᠠᠭᠠᠳᠠᠨ ᠪᠥᠷᠢᠯᠳᠤᠨ ᠲᠤᠭᠳᠠᠨᠢᠬᠤ ᠳᠤ ᠤᠡᠴᠠᠭᠠᠢ ᠡᠬᠦᠷᠭᠡ  ᠬᠦᠢᠴᠡᠳᠭᠡᠵᠠᠢ ᠭᠡᠮᠡᠨ ᠦᠵᠡᠵᠤ ᠪᠤᠯᠬᠤ ᠪᠠᠷ ᠪᠠᠶᠢᠨ᠎ᠠ᠃ ᠲᠤᠬᠠᠢᠢᠯᠠᠪᠡᠯ ᠪᠥᠷᠳᠡ ᠴᠢᠨ᠋᠊ ᠤᠠ᠋ ᠠᠴᠠ ᠡᠬᠢ ᠲᠠᠢ  ᠪᠤᠷᠵᠢᠬᠢᠨ ᠤᠪᠤᠭ ᠤᠨ ᠬᠢᠨ ᠲᠤᠬᠠᠢ ᠶᠢᠨ ᠦᠶ᠎ᠠ ᠶᠢᠨ ᠤᠪᠤᠭ ᠤᠳ ᠲᠤᠳᠤᠷ᠎ᠠ ᠠᠴᠠ ᠲᠤᠳᠤᠷᠠᠵᠤ ᠬᠠᠮᠤᠭ  ᠮᠤᠩᠭᠤᠯ ᠠᠴᠠ ᠠᠪᠬᠠᠭᠤᠯᠤᠭᠠᠳ ᠶᠡᠭᠡ ᠮᠤᠩᠭᠤᠯ ᠬᠥᠷᠥᠨ ᠢ ᠪᠠᠶᠢᠭᠤᠯᠬᠤ ᠳᠤ ᠢᠮᠠᠭᠳᠠ ᠤᠷᠦ᠋ᠢᠯᠠᠨ ᠲᠠᠷᠢᠬᠦᠯᠡᠵᠤ  ᠢᠷᠡᠭᠰᠡᠨ ᠢ ᠲᠡᠤᠭᠡ ᠭᠡᠷᠡᠴᠢᠯᠡᠵᠤ ᠪᠠᠶᠢᠨ᠎ᠠ᠃             ᠡᠨᠡ ᠤᠳᠬ᠎ᠠ ᠪᠠᠷ ᠢᠶᠠᠨ ᠲᠤᠬᠠᠢ ᠶᠢᠨ ᠤᠪᠤᠭ ᠨᠢ ᠦᠪᠡᠷ ᠤᠨ ᠨᠠᠷ᠎ᠠ ᠬᠦᠡᠳᠤ᠂ ᠲᠠᠷᠢᠬᠦᠯᠡᠬᠦ  ᠴᠢᠳᠠᠪᠤᠷᠢ ᠪᠠᠨ ᠬᠠᠳᠠᠭᠠᠯᠠᠵᠤ ᠪᠠᠶᠢᠬᠤ ᠶᠢᠨ ᠲᠦᠯᠦᠭᠡ ᠴᠢᠷᠮᠠᠶᠢᠵᠤ ᠢᠷᠡᠭᠰᠡᠨ ᠪᠠᠷᠭᠤ — ᠪᠤᠷᠢᠶᠠᠳ ᠠᠴᠠ  ᠭᠠᠷᠤᠯᠳᠠᠢ ᠠᠯᠤᠨ ᠭᠤ ᠤᠠ᠋ ᠡᠭᠡ ᠶᠢᠨ ᠲᠤᠮᠤᠭ ᠪᠠᠳᠤᠯᠠᠳᠠᠭ᠃ ᠲᠤᠮᠤᠭ ᠲᠤ ᠲᠤᠷᠠᠳᠤᠭᠰᠠᠨ ᠢᠶᠠᠷ ᠲᠡᠭᠡᠳᠤ  ᠲᠡᠭᠷᠢ ᠠᠴᠠ ᠵᠠᠶᠠᠭᠠᠳᠤ ᠲᠥᠷᠥᠭᠰᠡᠨ ᠪᠥᠷᠳᠡ ᠴᠢᠨ᠋᠊ ᠤᠠ᠋ ᠶᠢᠨ ᠤᠳᠤᠮ ᠲᠡᠭᠷᠢ ᠶᠢᠨ ᠬᠦᠪᠡᠬᠦᠳ ᠲᠠ ᠨᠠᠷ ᠡᠶ᠎ᠡ  ᠡᠪ ᠲᠠᠢ ᠪᠠᠶᠢᠭ ᠭᠡᠮᠡᠨ ᠲᠠᠪᠤᠨ ᠰᠤᠮᠤ ᠶᠢᠨ ᠰᠤᠷᠭᠠᠯ ᠢᠶᠠᠨ ᠠᠶᠢᠯᠠᠳᠤᠭᠰᠠᠨ ᠢᠶᠠᠷ ᠢᠶᠠᠨ ᠤᠪᠤᠭ ᠤᠨ ᠢᠶᠠᠨ ᠨᠠᠷ᠎ᠠ  ᠬᠦᠡᠳᠤ᠂ ᠪᠠᠳᠤ ᠨᠢᠭᠡᠳᠤᠯ ᠢ ᠬᠠᠮᠠᠭᠠᠯᠠᠵᠤ᠂ ᠦᠶ᠎ᠠ ᠶᠢᠨ ᠦᠶ᠎ᠠ ᠳᠡᠭᠡᠨ ᠤᠯᠠᠮᠵᠢᠯᠠᠭᠤᠯᠵᠤ ᠢᠷᠡᠭᠰᠡᠨ ᠨᠢ ᠡᠳᠥᠭᠡ ᠴᠤ  ᠲᠠᠤᠭᠡᠨ ᠠᠴᠢ ᠬᠤᠯᠪᠤᠭᠳᠠᠯ᠂ ᠦᠨ᠎ᠠ ᠴᠠᠨ᠎ᠠ ᠪᠠᠨ ᠠᠯᠳᠠᠭ᠎ᠠ ᠦᠭᠡᠢ ᠪᠠᠶᠢᠨ᠎ᠠ᠃             ︽ᠪᠠᠷᠭᠤ ᠤᠪᠤᠭ ᠶᠠᠰᠤᠳᠡᠨ ᠤ ᠭᠠᠷᠤᠯ ᠡᠬᠦᠰᠥᠯ ᠤᠨ ᠲᠤᠬᠠᠢ᠂ ᠪᠠᠷᠭᠤᠴᠤᠳ ᠤᠨ ᠲᠤᠬᠠᠢ ᠡᠷᠳᠡᠨ ᠤ  ᠭᠷᠸᠢᠡᠡ ᠤᠨ ᠲᠡᠤᠭᠡ᠂ ᠷᠤᠮᠠ ᠶᠢᠨ ᠲᠠᠤᠭᠡ᠂ ᠭᠧᠷᠤᠳᠢᠲ ᠤᠨ ᠲᠠᠤᠭᠡ᠂ ᠭᠤᠶᠢᠮᠧᠷ ᠤᠨ ᠲᠤᠤᠯᠢᠰ᠂ ᠭᠢᠷᠬᠢᠰ ᠤᠨ  ᠮᠠᠨᠠᠰ ᠭᠡᠮᠡᠬᠦ ᠠᠯᠳᠠᠷᠳᠤ ᠲᠤᠤᠯᠢ ᠠᠴᠠ ᠭᠠᠳᠠᠨ᠎ᠠ ᠸᠧᠢ ︵ᠨᠠᠶᠢᠳᠠ ᠶᠢᠨ ᠤᠨ ᠲᠤᠭᠠᠯᠠᠯ ᠠᠴᠠ ᠡᠮᠤᠨ᠎ᠠ 220 —  265 ᠤᠨ︶᠂ ᠰᠥᠢ ︵ᠨᠠᠶᠢᠳᠠ ᠶᠢᠨ ᠤᠨ ᠲᠤᠭᠠᠯᠠᠯ ᠤᠨ 589 — 618︶᠂ ᠲᠠᠩ ︵ᠨᠠᠶᠢᠳᠠ ᠶᠢᠨ  ᠤᠨ ᠲᠤᠭᠠᠯᠠᠯ ᠤᠨ 618 — 907 ᠤᠨ︶ ᠤᠯᠤᠰ ᠵᠠᠷᠭᠡ ᠭᠠᠳᠠᠭᠠᠳᠤ ᠲᠤᠳᠤᠭᠠᠳᠤ ᠶᠢᠨ ᠰᠤᠷᠪᠤᠯᠵᠢ  ᠲᠠᠤᠭᠡᠨ ᠳᠤ ᠲᠠᠮᠳᠡᠭᠯᠡᠭᠳᠡᠵᠤ᠂ ᠲᠠᠬᠦᠨ ᠤ ᠲᠡᠤᠭᠡᠨ ᠤᠯᠠ ᠮᠦᠷ ᠠᠽᠢᠶ᠎ᠠ᠂ ᠡᠸᠦ᠋ᠷᠥᠫᠠ ᠶᠢᠨ ᠬᠤᠶᠠᠷ ᠲᠢᠪ ᠢ  ᠰᠤᠡᠳᠠᠯᠠᠵᠠᠢ︾ ᠭᠡᠮᠡᠨ ᠦᠪᠤᠷᠯᠡᠭᠴᠢ ᠮᠢᠩᠭᠠᠳ ᠱ᠊ · ᠲᠥᠡᠭᠰᠢᠭ ᠪᠥᠳᠥᠭᠡᠯ ᠳᠡᠭᠡᠨ ᠲᠤᠷᠠᠳᠤᠭᠰᠠᠨ ᠪᠠᠶᠢᠳᠠᠭ᠃  ᠲᠡᠷᠡ ᠪᠠᠷ ︽ᠪᠠᠷᠭᠤᠳ ᠤᠨ ᠡᠷᠳᠡᠨ ᠤ ᠪᠢᠴᠢᠯᠭᠡ ᠲᠠᠭᠤᠳᠠᠯᠭ᠎ᠠ ᠨᠢ ᠪᠠᠷᠢᠭ ᠪᠤᠶᠤ ᠪᠠᠷᠥᠭ᠃ ᠪᠠᠷᠢᠭ ᠪᠤᠯ ᠮᠡᠨ ᠤ  ᠡᠷᠢᠨ ᠠᠴᠠ ᠡᠮᠤᠨ᠎ᠠ 14 ᠳ᠋ᠤᠭᠡᠷ ᠵᠠᠭᠤᠨ ᠠᠴᠠ ᠡᠮᠤᠨ᠎ᠠ ᠪᠠᠷᠠᠭᠤᠨ ᠠᠽᠢᠶ᠎ᠠ ᠶᠢᠨ ᠰᠠᠭᠠᠷᠢ ᠭᠤᠤᠯ ᠤᠨ ᠰᠠᠪᠡ  ᠤᠷᠤᠨ ᠳᠤ ᠲᠥᠷᠤ ᠪᠠᠶᠢᠭᠤᠯᠤᠭᠰᠠᠨ ᠪᠠᠷᠢᠭ ᠮᠦᠨ᠃ ᠲᠡᠳᠡᠨ ᠤ ᠤᠤᠭᠠᠯ ᠨᠤᠳᠤᠭ ᠨᠢ ᠶᠧᠹᠷᠠᠲ ᠮᠥᠷᠡᠨ ᠤ  ᠲᠡᠭᠡᠳᠤ ᠰᠠᠯᠪᠤᠷᠢ ᠤᠷᠤᠰᠬᠠᠯ ᠬᠠᠪᠠᠢ ᠭᠤᠤᠯ ᠤᠨ ᠰᠠᠪᠠ ᠤᠷᠤᠨ ᠭᠡᠵᠤ ᠡᠷᠳᠡᠮᠳᠡᠨ ᠮᠥᠷᠳᠡᠨ ᠰᠤᠳᠤᠯᠵᠤ  ᠲᠤᠳᠤᠷᠬᠠᠢᠢᠯᠠᠪᠡ︾ ᠭᠡᠵᠠᠢ᠃ ᠮᠦᠨ ᠲᠠᠤᠭᠡ ᠰᠤᠷᠪᠤᠯᠵᠢ ᠨᠤᠭᠤᠳ ᠲᠤ ᠪᠢᠴᠢᠭᠰᠡᠨ ᠢᠶᠠᠷ ᠪᠤᠯ ᠪᠠᠷᠭᠤᠳ ᠤᠨ  ᠡᠯᠤᠡᠴᠠ ᠦᠶ᠎ᠠ ᠨᠠᠶᠢᠳᠠ ᠶᠢᠨ ᠤᠨ ᠲᠤᠭᠠᠯᠠᠯ ᠠᠴᠠ ᠡᠮᠤᠨ᠎ᠠ 3 ᠳ᠋ᠤᠭᠠᠷ ᠵᠠᠭᠤᠨ ᠳᠤ ᠮᠤᠩᠭᠤᠯᠴᠤᠳ ᠤᠨ  ᠬᠤᠯᠪᠤᠭ᠎ᠠ ᠪᠤᠶᠤ ᠲᠠᠬᠦᠨ ᠤ ᠤᠮᠠᠷᠠᠳᠤ ᠰᠠᠯᠪᠤᠷᠢ ᠪᠤᠯᠬᠤ ᠿᠸᠤ ᠿᠠᠨ ᠤ ᠬᠠᠷᠢᠶᠠᠨ ᠳᠤ ᠪᠠᠭᠳᠠᠵᠤ ᠪᠠᠶᠢᠭᠠᠳ᠂ ᠤᠭ  ᠬᠤᠯᠪᠤᠭ᠎ᠠ ᠵᠠᠳᠠᠷᠠᠨ ᠰᠠᠷᠨᠢᠬᠤ ᠳᠤ ᠡᠳᠡᠨ ᠢ ᠨᠠᠶᠢᠳᠠ ᠶᠢᠨ ᠲᠤᠭᠠᠯᠠᠯ ᠤᠨ 4 ᠳ᠋ᠤᠭᠡᠷ ᠵᠠᠭᠤᠨ ᠬᠦᠷᠳᠡᠯ᠎ᠠ ᠭᠡᠳᠤᠨ  ᠵᠠᠭᠤᠨ ᠵᠢᠯ ᠤᠨ ᠤᠷᠳᠤ ᠬᠤᠭᠤᠴᠠᠭᠠᠨ ᠳᠤ ᠾᠥᠡᠭᠨᠤ ᠬᠥᠷᠤᠨ ︵ᠨᠠᠶᠢᠳᠠ ᠶᠢᠨ ᠤᠨ ᠲᠤᠭᠠᠯᠠᠯ ᠠᠴᠠ ᠡᠮᠤᠨ᠎ᠠ  209 — ᠨᠠᠶᠢᠳᠠ ᠶᠢᠨ ᠤᠨ ᠲᠤᠭᠠᠯᠠᠯ ᠤᠨ 91 ᠤᠨ︶ ᠬᠢᠭᠡᠳ ᠰᠢᠶᠠᠡᠪᠢ ︵ᠨᠠᠶᠢᠳᠠ ᠶᠢᠨ ᠤᠨ  ᠲᠤᠭᠠᠯᠠᠯ ᠤᠨ 150 — 235 ᠤᠨ︶ ᠬᠦᠷᠥᠨ ᠳᠤ ᠬᠦᠴᠤ ᠪᠠᠨ ᠡᠷᠬᠦᠵᠤ ᠶᠠᠪᠤᠭᠰᠠᠨ ᠪᠥᠭᠡᠳ ᠲᠥᠷᠺ  ᠤᠭᠰᠠᠭᠠᠳᠠᠨ ᠲᠧᠯᠧ ᠤᠨ ᠰᠠᠯᠪᠤᠷᠢ ᠯᠤᠭ᠎ᠠ ᠬᠤᠯᠢᠯᠳᠤᠨ ᠢᠵᠢᠯᠢᠰᠢᠵᠤ ᠢᠷᠠᠵᠠᠢ ᠭᠡᠳᠡᠭ᠃         ᠡᠶᠢᠮᠤ ᠠᠴᠠ ︽ᠪᠠᠷᠭᠤᠴᠤᠳ ᠨᠢ ᠴᠤᠯ ᠲᠥᠷᠺ ᠭᠠᠷᠤᠯ ᠲᠠᠢ ᠪᠤᠶᠤ ᠴᠤᠯ ᠮᠤᠩᠭᠤᠯ ᠭᠠᠷᠤᠯ ᠲᠠᠢ ᠬᠦᠮᠤᠰ  ᠪᠢᠰᠢ ᠮᠠᠶ᠋ᠢᠭ ᠲᠠᠢ᠃ ᠬᠠᠷᠢᠨ ᠤᠷᠳᠤ ᠤᠳᠠᠭᠠᠨ ᠵᠢᠯ ᠤᠨ ᠬᠦᠭᠵᠢᠯ ᠤᠨ ᠶᠠᠪᠤᠴᠠ ᠳᠤ ᠲᠥᠷᠺ ᠬᠦᠮᠤᠰ ᠪᠤᠯᠤᠨ  ᠮᠤᠩ ᠤᠭᠰᠠᠭᠠᠳᠠᠨ ᠬᠠᠷᠢᠯᠴᠠᠨ ᠢᠵᠢᠯᠢᠰᠢᠵᠤ ᠨᠠᠶᠢᠯᠠᠵᠤ ᠪᠥᠷᠢᠯᠳᠥᠭᠰᠡᠨ ᠲᠥᠷᠺᠵᠢᠭᠰᠡᠨ ᠮᠤᠩᠭᠤᠯᠴᠤᠳ ᠪᠤᠯᠤᠨ᠎ᠠ᠃ ᠦᠭᠡᠷ᠎ᠠ ᠪᠠᠷ ᠭᠡᠯᠡᠪᠡᠯ ᠪᠠᠷᠭᠤᠴᠤᠳ ᠪᠤᠯ ᠲᠥᠷᠺᠵᠢᠭᠰᠡᠨ ᠮᠤᠩᠭᠤᠯ ᠬᠦᠮᠤᠨ︾ ᠭᠡᠵᠤ ᠦᠪᠤᠷᠯᠡᠭᠴᠢ ᠱᠠᠭᠳᠠᠷ ᠤᠨ  ᠰᠤᠩᠳᠤᠢ ᠪᠢᠴᠢᠭᠰᠡᠨ ᠪᠠᠶᠢᠳᠠᠭ᠃             ᠶᠠᠮᠠᠷ ᠴᠤ ᠭᠡᠰᠡᠨ ︽ᠮᠤᠩᠭᠤᠯ ᠤᠨ ᠨᠢᠭᠤᠴᠠ ᠲᠤᠪᠴᠢᠶᠡᠨ︾ ᠤ 239 ᠳ᠋ᠤᠭᠡᠷ ᠵᠦᠢᠯ ᠳᠤ  ᠲᠤᠷᠠᠳᠤᠭᠰᠠᠨ ᠢᠶᠠᠷ ︽ᠲᠡᠤᠯᠠᠢ ᠵᠢᠯ ︵1207︶ ᠵᠥᠴᠢ ᠶᠢ ᠪᠠᠷᠠᠭᠤᠨ ᠭᠠᠷ ᠤᠨ ᠴᠡᠷᠢᠭ ᠤᠳ ᠢᠶᠠᠷ ᠤᠢ ᠶᠢᠨ  ᠢᠷᠭᠡᠨ ᠳᠤ ᠮᠤᠷᠢᠯᠠᠭᠤᠯᠪᠡ ᠁ ᠵᠦᠴᠢ ᠤᠢᠢᠷᠠᠳ᠂ ᠪᠤᠷᠢᠶᠠᠳ᠂ ᠪᠠᠷᠭᠤᠳ᠂ ᠤᠷᠰᠤᠳ᠂ ᠬᠠᠪᠬᠠᠨᠠᠰ᠂  ᠬᠠᠨᠭ᠍ᠬᠠᠯ᠂ ᠲᠤᠪᠡ ᠲᠡᠷᠢᠬᠦᠳᠡᠨ ᠢ ᠤᠷᠤᠭᠤᠯᠤᠭᠠᠳ ᠁︾ ᠭᠡᠰᠡᠨ ᠠᠴᠠ ᠬᠤᠶᠢᠰᠢ ᠶᠡᠭᠡ ᠮᠤᠩᠭᠤᠯ ᠤᠯᠤᠰ ᠤᠨ  ᠭᠠᠵᠠᠷ ᠨᠤᠳᠤᠭ ᠠᠴᠠ ᠦᠢᠵᠤ ᠬᠠᠯᠢᠭ᠎ᠠ ᠦᠭᠡᠢ ᠤᠳᠤ ᠳᠤ ᠬᠦᠷᠳᠡᠯ᠎ᠠ ᠲᠤᠰ ᠲᠤᠰ ᠤᠨ ᠨᠤᠳᠤᠭ ᠲᠠᠭᠠᠨ  ᠰᠠᠭᠤᠷᠢᠰᠢᠵᠤ ᠠᠵᠤ ᠲᠥᠷᠤᠵᠤ ᠪᠠᠶᠢᠭ᠎ᠠ ᠮᠤᠩᠭᠤᠯ ᠤᠭᠰᠠᠭᠠᠳᠠᠨ ᠵᠤᠨ ᠤᠯᠠᠨ ᠪᠢᠯᠡ᠃              ᠪᠠᠷᠭᠤ ᠭᠡᠮᠡᠬᠦ ᠨᠠᠷ᠎ᠠ ᠶᠢᠨ ᠲᠤᠬᠠᠢ             ᠡᠨᠡ ᠨᠠᠷ᠎ᠠ ᠶᠢᠨ ᠲᠤᠬᠠᠢ ᠰᠤᠳᠤᠯᠭ᠎ᠠ ᠨᠤᠭᠤᠳ ᠢ ᠲᠦᠢᠮᠤᠯᠠᠬᠤ ᠳᠤ᠄             1. ᠪᠠᠷᠭᠤ ᠭᠡᠮᠡᠬᠦ ᠬᠦᠮᠤᠨ ᠤ ᠨᠠᠷ᠎ᠠ ᠠᠴᠠ ᠡᠬᠦᠰᠥᠯ ᠲᠠᠢ᠃             2. ᠪᠠᠷᠺᠥ᠋ ᠭᠡᠮᠡᠬᠦ ᠬᠦᠴᠤ ᠴᠢᠳᠠᠯ ᠲᠠᠢ ᠨᠢᠭᠡᠨ ᠲᠥᠷᠤᠯ ᠤᠨ ᠨᠤᠬᠠᠢ ᠶᠢᠨ ᠨᠠᠷ᠎ᠠ ᠠᠴᠠ ᠡᠬᠦᠰᠥᠯ ᠲᠠᠢ᠃             3. ᠪᠠᠷᠭᠤᠵᠢᠨ ᠲᠥᠬᠦᠮ ᠭᠡᠳᠡᠭ ᠭᠠᠵᠠᠷ ᠤᠰᠤᠨ ᠤ ᠨᠠᠷ᠎ᠠ ᠠᠴᠠ ᠡᠬᠦᠰᠥᠯ ᠲᠠᠢ᠃             4. ᠲᠥᠷᠺ ᠭᠡᠯᠡᠨ ᠤ ᠪᠠᠶᠧᠷᠭᠥ᠋ ᠭᠡᠳᠡᠭ ᠦᠭᠡ ᠠᠴᠠ ᠢᠷᠡᠯᠳᠡᠢ ᠭᠡᠬᠦ ᠮᠡᠳᠤ ᠪᠠᠷ ᠰᠤᠳᠤᠯᠤᠭᠠᠴᠢᠳ  ᠦᠵᠡᠭᠰᠡᠨ ᠪᠠᠶᠢᠨ᠎ᠠ᠃             ᠲᠡᠭᠡᠷᠡᠬᠢ ᠠᠴᠠ ᠪᠠᠷᠭᠤᠴᠤᠳ ᠨᠢ ᠪᠠᠷᠭᠤᠵᠢᠨ ᠲᠦᠬᠦᠮ ᠳᠤ 9 ᠳ᠋ᠤᠭᠡᠷ ᠵᠠᠭᠤᠨ ᠤ ᠦᠶ᠎ᠠ ᠳᠤ ᠨᠡᠬᠦᠳᠡᠯᠯᠡᠨ  ᠢᠷᠡᠭᠰᠡᠨ ᠠᠴᠠ ᠬᠤᠯᠠ ᠡᠮᠤᠨ᠎ᠠ 3 ᠳ᠋ᠤᠭᠠᠷ ᠵᠠᠭᠤᠨ ᠤ ᠲᠡᠤᠭᠡ ᠲᠠᠮᠳᠡᠭᠯᠡᠯ ᠳᠤ ᠪᠠᠷᠭᠤ ᠨᠠᠷ᠎ᠠ ᠪᠠᠷ ᠲᠡᠮᠳᠡᠭᠯᠡᠭᠳᠡᠭᠰᠡᠨ  ᠭᠡᠵᠤ ᠡᠷᠳᠡᠮᠳᠡᠳ ᠦᠵᠡᠭᠰᠡᠨ ᠪᠤᠢ᠃ ᠬᠠᠷᠢᠨ ᠪᠠᠷᠭᠤ ᠭᠡᠳᠡᠭ ᠪᠤᠳᠠᠳᠤ ᠬᠦᠮᠤᠨ ᠪᠥᠭᠡᠳ ᠡᠷᠳᠡᠨ ᠤ ᠨᠢᠭᠡᠨ  ᠠᠶᠢᠮᠠᠭ ᠤᠨ ᠲᠠᠷᠢᠬᠦᠨ ᠶᠠᠪᠤᠵᠠᠢ᠃ ᠲᠠᠷᠡ ᠠᠶᠢᠮᠠᠭ ᠲᠤᠳᠤᠷᠠᠬᠢ ᠤᠪᠤᠭ ᠶᠠᠰᠤᠳᠠᠨ ᠨᠤᠭᠤᠳ ︽ᠪᠢᠳᠠ ᠪᠠᠷᠭᠥ᠋ ᠶᠢᠨ  ᠬᠠᠷᠢᠶᠠᠳᠤ ᠢᠷᠭᠡᠳ᠂ ᠪᠠᠷᠭᠥ᠋ ᠬᠦᠮᠤᠰ ᠪᠤᠶᠤ ᠪᠠᠷᠭᠤᠴᠤᠳ ᠭᠡᠵᠡᠭᠡᠬᠦ ᠪᠤᠯᠤᠭᠰᠠᠨ ᠠᠴᠠ ᠡᠨᠡ ᠨᠢ ᠶᠠᠪᠤᠨ  ᠶᠠᠪᠤᠭᠰᠠᠭᠠᠷ ᠪᠠᠷᠭᠤ ᠶᠠᠰᠤᠳᠡᠨ ᠤ ᠨᠢᠭᠡ ᠪᠤᠯᠵᠤ ᠬᠤᠪᠢᠷᠠᠵᠠᠢ︾ ᠭᠡᠰᠡᠨ ᠳ᠋ᠥ᠋ᠩᠨᠡᠯᠳᠡ ᠶᠢ ᠰᠤᠳᠤᠯᠤᠭᠠᠴᠢᠳ ᠬᠢᠭᠰᠡᠨ  ᠪᠠᠶᠢᠳᠠᠭ᠃             ᠨᠦᠬᠦᠭᠡ ᠲᠠᠯ᠎ᠠ ᠪᠠᠷ ︽ᠪᠠᠷᠭᠥ᠋ ︵бapxy︶᠂ ᠪᠠᠷᠭᠥ᠋ ︵бapгy︶ ᠨᠢ ᠲᠥᠷᠺ ᠭᠡᠯᠡᠨ ᠤ  ᠪᠷᠥᠭ᠂ ᠪᠠᠷᠭ᠎ᠠ ᠭᠡᠰᠡᠨ ᠦᠭᠡ ᠪᠥᠭᠡᠳ ᠡᠨᠡ ᠨᠢ ᠰᠢᠳᠡᠭ ᠨᠤᠬᠠᠢ ᠪᠤᠶᠤ ᠴᠢᠨ᠋᠊ ᠤᠠ᠋ ᠶᠢᠨ ᠨᠠᠷ᠎ᠠ ᠪᠤᠯᠤᠨ᠎ᠠ︾ ᠭᠡᠵᠤ  ᠲᠠᠶᠢᠯᠪᠤᠷᠢᠯᠠᠭᠰᠠᠨ ᠢ ᠦᠡᠳᠤᠰᠥᠯᠡᠵᠤ ᠪᠠᠷᠭᠤ ᠪᠤᠯ ᠬᠦᠮᠤᠨ ᠤ ᠨᠠᠷ᠎ᠠ ᠪᠥᠭᠡᠳ ᠨᠠᠷ᠎ᠠ ᠶᠢᠨ ᠤᠳᠬ᠎ᠠ ᠨᠢ ᠨᠤᠬᠠᠢ  ᠭᠡᠰᠡᠨ ᠦᠭᠡ ᠪᠤᠯᠤᠨ᠎ᠠ᠃             ᠨᠤᠬᠠᠢ ᠭᠡᠳᠡᠭ ᠦᠭᠡ ᠶᠢ ᠡᠷᠳᠡᠮᠳᠡᠨ ᠱ᠊ · ᠭᠠᠳᠠᠮᠪᠡ ︽︿ᠮᠤᠩᠭᠤᠯ ᠤᠨ ᠨᠢᠭᠤᠴᠠ ᠲᠤᠪᠴᠢᠶᠡᠨ﹀ ᠤ  ᠰᠤᠳᠤᠯᠤᠯ ᠤᠨ ᠵᠠᠷᠢᠮ ᠠᠰᠠᠭᠤᠳᠠᠯ︾ ᠪᠥᠳᠥᠭᠡᠯ ᠳᠡᠭᠡᠨ ᠨᠤᠬᠠᠢ ᠶᠢ ᠵᠦᠪᠭᠡᠨ ᠮᠤᠩᠭᠤᠯ ᠳᠤ ᠴᠤ ᠪᠢᠰᠢ᠂ ᠶᠠᠷᠤ ᠨᠢ  ᠲᠥᠪ ᠠᠽᠢᠶ᠎ᠠ ᠶᠢᠨ ᠨᠡᠬᠦᠳᠡᠯᠴᠢᠨ ᠠᠶᠢᠮᠠᠭ᠂ ᠲᠤᠬᠠᠢᠢᠯᠠᠪᠡᠯ ᠵᠠᠷᠢᠮ ᠲᠥᠷᠺ ᠦᠡᠳᠤᠰᠤᠳᠡᠨ ᠳᠤ ᠴᠤ ᠮᠦᠨ ︽ ᠦᠨᠡᠡᠴᠢ ᠢᠳᠡᠭᠡᠯ︾ ᠲᠠᠢ ᠶᠢᠨ ᠪᠤᠶᠤ ︽ᠪᠤᠭᠤᠯ ᠮᠡᠳᠤ ᠬᠥᠯᠢᠴᠡᠩᠬᠦᠢ︾ ᠶᠢᠨ ᠪᠡᠯᠭᠡᠳᠡᠯ ᠪᠤᠯᠭᠠᠨ ᠦᠵᠡᠳᠡᠭ  ᠵᠠᠩᠰᠢᠯ ᠤᠯᠠᠮᠵᠢᠯᠠᠯ ᠪᠤᠯᠤᠭᠰᠠᠨ ᠁ ᠭᠡᠵᠠᠢ᠃ ᠮᠦᠨ ᠴᠠᠭᠠᠰᠢ ᠨᠢ ︽ᠮᠤᠩᠭᠤᠯ ᠤᠨ ᠹᠸᠤᠳᠠᠯ ᠤᠨ ᠪᠡᠯᠭᠡ  ᠲᠠᠮᠳᠡᠭ ᠤᠨ ᠭᠡᠯᠡᠨ ᠳᠤ ᠦᠨᠡᠡᠴᠢ ᠵᠢᠷᠤᠮ ᠲᠠᠢ᠂ ᠪᠠᠳᠤ ᠢᠳᠡᠭᠡᠯ ᠲᠠᠢ ᠶᠢᠨ ᠲᠥᠷᠢ ᠶᠢ ᠲᠦᠯᠦᠭᠡᠯᠡᠨ ᠭᠠᠷᠳᠠᠭ  ᠨᠤᠬᠠᠢ︾ ᠭᠡᠵᠤ ᠪᠢᠴᠢᠭᠰᠡᠨ ᠪᠤᠢ᠃ ᠡᠶᠢᠮᠤ ᠠᠴᠠ ᠪᠠᠷᠭᠥ᠋ ᠨᠢ ᠪᠤᠳᠠᠳᠤ ᠬᠦᠮᠤᠨ ᠪᠠᠶᠢᠭᠰᠠᠨ ᠠᠭᠠᠳ ᠲᠡᠷᠡ ᠪᠠᠷ ᠪᠡᠯᠭᠡᠳᠡᠯ ᠤᠨ ᠤᠳᠬ᠎ᠠ ᠪᠥᠬᠦᠢ ᠨᠠᠷ᠎ᠠ  ᠦᠭᠡ᠂ ᠡᠬᠦᠪᠡᠷ ᠡᠨᠡ ᠤᠪᠤᠭ ᠶᠠᠰᠤᠳᠡᠨ ᠨᠠᠷᠠᠯᠡᠭᠳᠡᠭᠰᠡᠨ ᠪᠠᠶᠢᠨ᠎ᠠ ᠭᠡᠵᠤ ᠦᠵᠡᠬᠦ ᠨᠢ ᠦᠨᠡᠨ ᠳᠤ ᠤᠢᠢᠷᠠᠳᠤᠬᠤ  ᠪᠤᠯᠤᠨ᠎ᠠ᠃              ᠪᠠᠷᠭᠤ ᠪᠤᠷᠢᠶᠠᠳ ᠮᠤᠩᠭᠤᠯᠴᠤᠳ ᠤᠨ ᠤᠭ ᠤᠨ ᠪᠢᠴᠢᠭ             1. ᠪᠠᠷᠭᠤ — ᠪᠤᠷᠢᠶᠠᠳ ᠮᠤᠩᠭᠤᠯᠴᠤᠳ ᠢ ᠪᠥᠷᠢᠯᠳᠥᠬᠦᠯᠵᠤ ᠪᠤᠢ ᠵᠤᠩᠬᠢᠯᠠᠬᠤ 250 ᠭᠠᠷᠤᠢ ᠤᠪᠤᠭ  ᠬᠠᠯᠠ ᠬᠦᠬᠦᠤᠷ ᠤᠳ ᠢ ᠬᠠᠮᠤᠷᠤᠭᠤᠯᠤᠭᠰᠠᠨ ᠢᠶᠠᠷ ᠢᠶᠠᠨ ᠤᠭ ᠤᠨ ᠡᠬᠢ ᠪᠢᠴᠢᠭ ᠪᠤᠯᠤᠨ᠎ᠠ ᠭᠡᠵᠤ ᠦᠵᠡᠵᠤ ᠪᠠᠶᠢᠨ᠎ᠠ᠃ ᠤᠭ ᠤᠨ ᠪᠢᠴᠢᠭ ᠤᠳ ᠨᠢ ᠵᠦᠪᠭᠡᠨ ᠨᠢᠭᠡ ᠤᠪᠤᠭ ᠠᠴᠠ ᠡᠬᠦᠰᠥᠯ ᠲᠠᠢ ᠤᠷᠤᠭ ᠢ ᠰᠠᠯᠪᠤᠷᠢᠯᠠᠭᠤᠯᠤᠨ  ᠲᠠᠯᠭᠡᠷᠡᠬᠦᠯᠵᠤ ᠪᠢᠴᠢᠭᠰᠡᠨ ᠪᠠᠶᠢᠳᠠᠭ ᠪᠤᠯ ᠡᠨᠡ ᠬᠦ ᠤᠭ ᠤᠨ ᠪᠢᠴᠢᠭᠡᠰᠤ ᠨᠢ ᠪᠠᠷᠭᠤ ᠪᠤᠷᠢᠶᠠᠳ ᠵᠤᠨ ᠤᠯᠠᠨ ᠤ ᠶᠠᠮᠠᠷ  ᠴᠤ ᠤᠪᠤᠭ ᠤᠨ ᠬᠦᠮᠤᠨ ᠤᠷᠤᠭ ᠤᠨ ᠢᠶᠠᠨ ᠡᠬᠢ ᠶᠢ ᠲᠤᠭᠳᠠᠭᠠᠵᠤ᠂ ᠡᠬᠦᠨ ᠠᠴᠠ ᠴᠠᠭᠠᠰᠢ ᠦᠷᠬᠦᠯᠵᠢᠯᠡᠬᠦᠯᠦᠨ  ᠪᠢᠴᠢᠬᠦ ᠪᠤᠯᠤᠮᠵᠢᠳᠠᠢ ᠤᠴᠢᠷ ᠡᠶᠢᠨ ᠬᠦ ᠨᠠᠷᠡᠯᠡᠬᠦ ᠦᠡᠳᠤᠰᠤ ᠲᠠᠢ ᠭᠡᠵᠤ ᠦᠵᠡᠵᠤ ᠪᠠᠶᠢᠨ᠎ᠠ᠃             2. ᠤᠭ ᠤᠨ ᠪᠢᠴᠢᠭ ᠲᠤ ᠤᠳᠤᠮ ᠤᠭᠰᠠᠭᠠᠨ ᠤ ᠦᠶᠡᠴᠢᠯᠡᠯ ᠲᠤᠭᠳᠠᠭᠠᠵᠤ ᠤᠷᠤᠭ ᠤᠨ ᠨᠠᠷ᠎ᠠ ᠶᠢᠨ  ᠡᠮᠤᠨ᠎ᠠ ᠪᠢᠴᠢᠪᠡ᠃ ᠤᠳᠤᠮ ᠤᠭᠰᠠᠭᠠᠨ ᠤ ᠦᠶᠡᠴᠢᠯᠡᠯ ᠢ ᠲᠤᠭᠳᠠᠭᠠᠬᠤ ᠳᠠᠭᠠᠨ ᠮᠤᠩᠭᠤᠯ ᠤᠨ ᠲᠡᠤᠭᠡ ᠲᠠᠢ  ᠤᠶᠠᠯᠳᠤᠭᠤᠯᠵᠤ ᠪᠥᠷᠳᠡ ᠴᠢᠨ᠋᠊ ᠤᠠ᠋ ᠶᠢᠨ ᠲᠥᠷᠥᠭᠰᠡᠨ ᠤᠨ ᠴᠠᠭ ᠢ ᠨᠢᠭᠡᠳᠤᠭᠡᠷ ᠦᠶ᠎ᠠ ᠪᠤᠯᠭᠠᠨ ᠠᠪᠤᠯ᠎ᠠ᠃             ᠡᠬᠦᠨ ᠤ ᠠᠴᠢ ᠬᠤᠯᠪᠤᠭᠳᠠᠯ ᠨᠢ᠂ ᠲᠤᠬᠠᠢ ᠶᠢᠨ ᠦᠶ᠎ᠠ ᠳᠤ ᠲᠠᠮᠳᠡᠭᠯᠡᠭᠰᠡᠨ ᠲᠠᠤᠭᠡᠨ ᠬᠦᠮᠤᠨ ᠢ ᠲᠠᠷᠡ  ᠴᠠᠭ ᠤᠨ ᠪᠤᠰᠤᠳ ᠮᠤᠩᠭᠤᠯ ᠤᠭᠰᠠᠭᠠᠨ ᠤ ᠲᠡᠤᠭᠡᠳᠤ ᠬᠦᠮᠤᠰ ᠤᠨ ᠦᠢᠯᠡ ᠶᠠᠪᠤᠳᠠᠯ ᠲᠠᠢ ᠤᠶᠠᠯᠳᠤᠭᠤᠯᠤᠨ  ᠬᠠᠷᠢᠴᠠᠭᠤᠯᠬᠤ ᠳᠤ ᠤᠷᠤᠰᠢᠨ᠎ᠠ᠃ ᠲᠤᠬᠠᠢᠢᠯᠠᠪᠡᠯ᠄ ᠠᠯᠤᠨ ᠭᠤ ᠤᠠ᠋ ᠬᠠᠳᠤᠨ 944 ᠤᠨ ᠳᠤ ᠲᠥᠷᠥᠭᠡᠳ 980  ᠤᠨ ᠳᠤ ᠨᠠᠰᠤ ᠪᠠᠷᠠᠭᠰᠠᠨ ᠪᠤᠯᠤᠯᠳᠠᠢ ᠭᠡᠵᠤ ᠲᠠᠤᠭᠡ ᠰᠤᠳᠤᠯᠤᠭᠠᠴᠢ ᠨᠠᠷ ᠤᠨ ᠲᠤᠭᠳᠠᠭᠠᠭᠰᠠᠨ ᠤᠨ ᠴᠠᠭ᠂  ᠪᠥᠷᠳᠡ ᠴᠢᠨ᠋᠊ ᠤᠠ᠋ ᠶᠢᠨ 12 ᠳ᠋ᠤᠭᠠᠷ ᠦᠶ᠎ᠠ ᠶᠢᠨ ᠠᠴᠢ ᠲᠤᠪᠤ ᠮᠠᠷᠭᠡᠨ ᠤ ᠠᠮᠢᠳᠤᠷᠠᠵᠤ ᠪᠠᠶᠢᠭᠰᠠᠨ 10 ᠳ᠋ᠤᠭᠠᠷ  ᠵᠠᠭᠤᠨ ᠤ ᠦᠶ᠎ᠠ ᠲᠠᠢ ᠲᠤᠬᠢᠷᠠᠵᠤ ᠪᠠᠶᠢᠬᠤ ᠰᠢᠡᠵᠢ ᠲᠠᠢ᠃             3. ᠤᠭ ᠤᠨ ᠪᠢᠴᠢᠭ ᠲᠤ ᠬᠠᠮᠤᠷᠤᠭᠳᠠᠭᠰᠠᠨ ᠴᠠᠭ ᠬᠤᠭᠤᠴᠠᠭᠠᠨ ᠤ ᠲᠤᠬᠠᠢ ᠳᠤ ᠨᠠᠶᠢᠳᠠ ᠶᠢᠨ ᠤᠨ  ᠲᠤᠭᠠᠯᠠᠯ ᠤᠨ 420 ᠤᠨ ᠠᠴᠠ ᠲᠤᠮᠳᠠ ᠲᠠᠰᠤᠷᠠᠭᠰᠠᠨ ᠬᠤᠷᠢ ᠭᠠᠷᠤᠢ ᠦᠶ᠎ᠠ ︵ᠡᠨᠡ ᠦᠶ᠎ᠠ ᠶᠢᠨ ᠪᠠᠷᠢᠮᠳᠠ  ᠰᠤᠳᠤᠯᠭ᠎ᠠ ᠶᠢ ᠤᠯᠵᠤ ᠦᠵᠡᠭᠡ ᠦᠭᠡᠢ︶ ᠶᠢ ᠡᠰᠠ ᠲᠤᠭᠠᠴᠠᠪᠡᠯ 1560 ᠭᠠᠷᠤᠢ ᠵᠢᠯ ᠢ ᠪᠠᠭᠳᠠᠭᠠᠭᠰᠠᠨ ᠪᠠᠶᠢᠨ᠎ᠠ᠃ ᠡᠬᠢ ᠪᠤᠯᠭᠠᠵᠤ ᠠᠪᠤᠭᠰᠠᠨ 420 ᠤᠨ ᠢ ᠲᠤᠬᠢᠶᠠᠯᠳᠤᠯ ᠢᠶᠠᠷ ᠰᠤᠩᠭᠤᠭ᠎ᠠ ᠦᠭᠡᠢ ᠪᠥᠭᠡᠳ ᠡᠨᠡ ᠨᠢ ︽ ᠨᠠᠶᠢᠳᠠ ᠶᠢᠨ ᠤᠨ ᠲᠤᠭᠠᠯᠠᠯ ᠤᠨ 551 — 554 ᠤᠨ ᠤ ᠬᠤᠭᠤᠷᠤᠡᠳᠤ ᠪᠢᠴᠢᠭᠳᠡᠭᠰᠡᠨ ︿ᠸᠧᠢ ᠤᠯᠤᠰ ᠤᠨ  ᠪᠢᠴᠢᠭ﹀ ᠤᠨ ᠿᠸᠤ ᠿᠠᠨ ᠤ ᠱᠠᠰᠳᠢᠷ ᠲᠤ ᠿᠸᠤ ᠿᠠᠨ ᠤ ︵402 — 555 ᠤᠨ︶ ᠪᠠᠷᠠᠭᠤᠨ ᠬᠤᠶᠢᠨ᠎ᠠ  ᠾᠥᠡᠭᠨᠤ ᠶᠢᠨ ᠦᠯᠡᠳᠡᠭᠳᠡᠯ ᠪᠠᠶᠢᠨ᠎ᠠ᠃ ᠤᠯᠤᠰ ᠨᠢ ᠪᠠᠶᠠᠨ ᠬᠦᠴᠥᠷᠭᠡᠭ᠂ ᠲᠠᠷᠢᠬᠦᠨ ᠨᠢ ᠪᠠ ᠶᠧ ᠵᠢᠢ ᠭᠡᠳᠡᠭ᠃  ᠲᠡᠷᠡ ᠨᠢ ᠴᠡᠷᠢᠭ ᠲᠠᠶᠢᠴᠢᠯᠡᠨ ᠱᠧᠯᠦ᠋ᠨ ︵ᠿᠸᠤ ᠿᠠᠨ ᠤ ᠬᠠᠭᠠᠨ︶ ᠢ ᠴᠤᠬᠢᠭᠰᠠᠨ ᠳᠤ ᠱᠧᠯᠦ᠋ᠨ᠂ ᠡᠸ᠋ ᠭᠧᠨ ︵ ᠤᠳᠤ ᠶᠢᠨ ᠤᠷᠬᠤᠨ ᠭᠤᠤᠯ︶ ᠭᠤᠤᠯ ᠳᠤ ᠲᠤᠰᠴᠤ ᠪᠠᠶᠢᠯᠳᠤᠭᠠᠳ ᠶᠡᠭᠡ ᠪᠠᠷ ᠢᠯᠠᠪᠡ᠃ ᠡᠬᠦᠨ ᠠᠴᠠ ᠬᠤᠶᠢᠰᠢ  ᠲᠠᠳᠠ ᠨᠠᠷ ᠱᠧᠯᠦ᠋ᠨ ᠳᠤ ᠬᠠᠷᠢᠶᠠᠯᠠᠭᠳᠠᠵᠠᠢ︾ ᠭᠡᠰᠡᠨ ᠲᠠᠮᠳᠡᠭᠯᠡᠯ ᠪᠠᠶᠢᠳᠠᠭ᠃ ᠲᠤᠷᠠᠳᠤᠭᠳᠠᠵᠤ ᠪᠤᠢ ᠪᠠ ᠶᠧ  ᠵᠢᠢ ᠨᠢ ᠪᠠᠷᠭᠤ ᠠᠶᠢᠮᠠᠭ ᠤᠨ ᠲᠡᠷᠢᠬᠦᠨ ᠮᠦᠨ ᠪᠤᠯᠬᠤ ᠲᠠᠯ᠎ᠠ ᠪᠠᠷ ᠡᠷᠳᠡᠮᠳᠡᠨ ᠵ᠊ · ᠦᠯᠵᠠᠢ ᠪᠥᠳᠥᠭᠡᠯ ᠳᠡᠭᠡᠨ ︽ ᠿᠸᠤ ᠿᠠᠨ ᠤ ᠬᠠᠭᠠᠨ ᠰᠢᠯᠦᠭᠤᠨ ︵ᠱᠧᠯᠦ᠋ᠨ︶ ᠁ ᠦᠪᠡᠷᠳᠡᠭᠡᠡ ᠨᠢᠭᠡᠳᠭᠡᠭᠰᠡᠨ ︵394 — 409  ᠤᠨ ᠤ ᠦᠶ᠎ᠠ ᠳᠤ︶ ᠨᠢᠭᠡᠨ ᠠᠶᠢᠮᠠᠭ ᠤᠨ ᠲᠤᠯᠤᠭᠠᠢᠢᠯᠠᠭᠴᠢ ᠨᠢ ︿ᠶᠢᠤ ᠸᠧ ᠪᠡ ᠶᠧ ᠵᠢᠢ﹀ ᠭᠡᠮᠡᠨ ᠨᠠᠷ᠎ᠠ ᠲᠠᠢ  ᠪᠠᠶᠢᠭᠰᠠᠨ᠃ ᠡᠨᠡ ᠪᠡ ᠶᠧ ᠵᠢᠢ ᠪᠤᠯ ᠪᠠᠷᠭᠤᠵᠢᠨ ᠭᠡᠰᠡᠨ ᠦᠭᠡ᠃ ᠪᠠᠷᠭᠤᠵᠢᠨ ᠭᠡᠮᠡᠬᠦ ᠨᠠᠷ᠎ᠠ ᠨᠢ ᠡᠷᠳᠡᠨ ᠤ  ᠾᠥᠢᠩᠨᠤ᠂ ᠿᠸᠤ ᠿᠧᠨ᠂ ᠲᠥᠷᠺ ᠤᠨ ᠦᠶ᠎ᠠ ᠠᠴᠠ ᠤᠯᠠᠮᠵᠢᠯᠠᠵᠤ ᠢᠷᠡᠭᠰᠡᠨ ᠪᠠᠶᠧᠷᠺᠦ᠂ ᠪᠠᠶᠧᠭᠥ᠋᠂ ᠪᠠᠷᠭᠤ ᠭᠡᠮᠡᠬᠦ  ᠮᠦᠨ ᠪᠤᠯᠬᠤ ᠶᠢ ᠨᠤᠳᠠᠯᠠᠵᠤ ᠪᠤᠢ︾ ᠭᠡᠵᠤ ᠪᠢᠴᠢᠭᠰᠡᠨ ᠪᠠᠶᠢᠳᠠᠭ᠃ ᠤᠭ ᠤᠨ ᠪᠢᠴᠢᠭ ᠤᠨ ᠢᠵᠠᠭᠤᠷ ᠤᠪᠤᠭ  ᠪᠤᠯᠤᠨ ᠪᠤᠰᠤᠳ ᠤᠷᠤᠭ ᠤᠨ ᠰᠠᠯᠠᠭ᠎ᠠ ᠰᠠᠯᠪᠤᠷᠢ ᠨᠤᠭᠤᠳ ᠢ ᠡᠨᠡ ᠮᠡᠳᠤ ᠲᠡᠤᠭᠡᠨ ᠰᠤᠷᠪᠤᠯᠵᠢ ᠪᠢᠴᠢᠭ ᠠᠴᠠ  ᠲᠠᠬᠦᠪᠤᠷᠢᠯᠡᠨ ᠪᠢᠴᠢᠭᠰᠡᠨ ᠪᠤᠯᠤᠨ᠎ᠠ᠃             4. ᠡᠨᠡ ᠤᠭ ᠤᠨ ᠡᠭᠡ ᠪᠢᠴᠢᠭ ᠲᠤ ᠲᠡᠤᠭᠡ ᠰᠤᠷᠪᠤᠯᠵᠢ ᠨᠤᠭᠤᠳ ᠲᠤ ᠮᠥᠡᠭᠭᠡᠷᠡᠭᠰᠡᠨ ᠪᠠᠭᠠᠳᠤᠷᠯᠢᠭ  ᠦᠢᠯᠡᠰᠳᠠᠨ᠂ ᠰᠡᠴᠡᠨ ᠮᠠᠷᠭᠡᠳ᠂ ᠲᠤᠪᠤᠶᠢᠨ ᠰᠢᠯᠭᠠᠷᠠᠭᠰᠠᠨ ᠬᠦᠮᠤᠰ᠂ ᠲᠡᠳᠡᠨ ᠤ ᠤᠷᠤᠭ ᠰᠡᠳᠥᠨ ᠤᠷᠤᠭᠰᠠᠨ  ᠤᠴᠢᠷ ᠮᠤᠩᠭᠤᠯᠴᠤᠳ ᠠᠯᠳᠠᠨ ᠤᠷᠤᠭ ᠤᠨ ᠬᠢᠨ ᠤ ᠤᠭ ᠤᠨ ᠪᠢᠴᠢᠭ ᠢ ᠲᠡᠭᠡᠳᠥᠯᠡᠳᠡᠭ ᠤᠨ ᠠᠳᠠᠯᠢ ᠪᠠᠷ ᠪᠠᠷᠭᠤ  ᠪᠤᠷᠢᠶᠠᠳ ᠵᠤᠨ ᠡᠷᠬᠢᠮᠯᠡᠪᠡᠯ ᠵᠤᠬᠢᠬᠤ ᠬᠦᠡᠳᠥᠳᠡᠢ ᠤᠭ ᠤᠨ ᠪᠢᠴᠢᠭ ᠪᠤᠯᠤᠨ᠎ᠠ᠃           ᠡᠳᠥᠭᠡ ᠬᠦᠯᠦᠨ ᠪᠤᠶᠢᠷ ᠤᠨ ᠪᠠᠷᠭᠤᠳ ᠤᠨ ᠲᠤᠳᠤᠷ᠎ᠠ 120 ᠭᠠᠷᠤᠢ ᠤᠪᠤᠭ ᠪᠥᠷᠢᠳᠭᠡᠭᠳᠡᠭᠡᠳ ᠪᠠᠶᠢᠨ᠎ᠠ᠃  ᠪᠠᠷᠭᠤ ᠪᠤᠷᠢᠶᠠᠳ ᠲᠦᠮᠡᠨ ᠤ ᠤᠭ ᠤᠨ ᠪᠢᠴᠢᠭ ᠤᠨ ᠲᠤᠬᠠᠢ ᠦᠪᠡᠷ ᠤᠨ ᠰᠤᠳᠤᠯᠭᠠᠨ ᠳᠤ ᠲᠤᠯᠭᠠᠭᠤᠷᠢᠯᠠᠨ  ᠲᠠᠳᠡᠨ ᠤ ᠤᠭ ᠢᠵᠠᠭᠤᠷ ᠤᠳᠤ ᠶᠢᠨ ᠭᠡᠯᠡᠯᠴᠡᠭᠳᠡᠵᠤ ᠢᠷᠡᠭᠰᠡᠨ ᠤᠪᠤᠭ ᠤᠳᠤᠮ ᠤᠨ ᠲᠠᠯ᠎ᠠ ᠪᠠᠷ ᠲᠠᠷᠠᠭᠠᠬᠢ  ᠳ᠋ᠥ᠋ᠩᠨᠡᠯᠳᠡ ᠶᠢ ᠬᠢᠵᠤ ᠪᠠᠶᠢᠨ᠎ᠠ᠃             1. ᠪᠠᠷᠭᠤ ᠪᠤᠷᠢᠶᠠᠳ ᠨᠠᠷ ᠤᠨ ᠡᠷᠳᠡᠨ ᠤ ᠡᠪᠦᠭᠡ ᠭᠠᠷᠪᠠᠯᠢ ᠪᠥᠷ ᠾᠥᠡᠭᠨᠤ ᠶᠢᠨ ᠦᠶ᠎ᠠ ᠠᠴᠠ  ᠤᠯᠪᠠᠭᠠᠯᠠᠵᠤ ᠂ ᠤᠨ ᠴᠠᠭ ᠤᠨ ᠲᠠᠤᠭᠡᠨ ᠭᠡᠯᠬᠢᠶᠡᠨ ᠳᠤ ᠶᠡᠭᠡᠪᠴᠢᠯᠡᠨ ᠠᠯᠢ ᠨᠢᠭᠡᠨ ᠠᠶᠢᠮᠠᠭ᠂ ᠤᠯᠤᠰ ᠤᠨ ᠦᠮᠥᠭ  ᠲᠥᠰᠢᠭ ᠬᠠᠷᠢᠶᠠᠯᠠᠯ ᠲᠤᠤᠷ᠎ᠠ ᠶᠠᠪᠤᠵᠤ ᠢᠷᠡᠭᠰᠡᠨ ᠤᠴᠢᠷ ᠲᠡᠷᠡ ᠴᠠᠭ ᠤᠨ ᠲᠡᠤᠭᠡ ᠰᠤᠷᠪᠤᠯᠵᠢ ᠪᠢᠴᠢᠭ ᠲᠤ  ᠡᠯᠦᠡᠴᠡ ᠬᠤᠯᠦᠡᠴᠡ ᠶᠢᠨ ᠬᠢᠨᠢ ᠲᠤᠬᠠᠢ ᠮᠥᠴᠢᠳ ᠲᠠᠮᠳᠡᠭᠯᠡᠭᠳᠡᠨ ᠦᠯᠡᠳᠡᠭᠰᠡᠨ ᠪᠤᠯᠤᠯᠳᠠᠢ᠃ ᠭᠡᠪᠡᠴᠤ ᠡᠴᠢᠭᠡ  ᠡᠪᠤᠭᠡᠳ ᠤᠨ ᠢᠶᠠᠨ ᠲᠤᠬᠠᠢ ᠲᠤᠮᠤᠭ ᠲᠤᠤᠯᠢᠰ ᠢᠶᠠᠷ ᠠᠮᠠ ᠲᠠᠮᠵᠢᠭᠤᠯᠤᠨ ᠡᠳᠥᠭᠡ ᠬᠦᠷᠳᠡᠯ᠎ᠠ ᠠᠮᠠᠨ  ᠤᠯᠠᠮᠵᠢᠯᠠᠯ ᠢᠶᠠᠷ ᠲᠡᠤᠭᠡ ᠪᠠᠨ ᠠᠮᠢᠳᠤ ᠬᠠᠳᠠᠭᠠᠯᠠᠵᠤ ᠢᠷᠡᠭᠰᠡᠨ ᠡᠨᠡ ᠠᠷᠠᠳ ᠲᠦᠮᠡᠨ ᠤ ᠠᠭᠤᠤ ᠤᠬᠠᠭᠠᠨ᠂ ᠦᠪ  ᠰᠤᠶᠤᠯ ᠢ ᠨᠢ ᠪᠠᠭ᠋ᠠᠳᠤᠨ ᠲᠠᠮᠳᠡᠭᠯᠡᠬᠦᠰᠢᠳᠡᠢ᠃             2. ᠡᠨᠡ ᠬᠦ ᠰᠤᠳᠤᠯᠭᠠᠨ ᠳᠤ ᠬᠠᠮᠤᠷᠤᠭᠳᠠᠭᠰᠠᠨ ᠪᠠᠷᠭᠤ ᠪᠤᠷᠢᠶᠠᠳ ᠵᠤᠨ ᠤ ᠡᠪᠦᠭᠡ ᠲᠡᠭᠡᠳᠥᠰ  ᠨᠠᠶᠢᠳᠠ ᠶᠢᠨ ᠤᠨ ᠲᠤᠭᠠᠯᠠᠯ ᠤᠨ 5 ᠳ᠋ᠤᠭᠠᠷ ᠵᠠᠭᠤᠨ ᠠᠴᠠ ᠡᠬᠢᠯᠡᠵᠤ ᠪᠠᠶᠢᠭ᠎ᠠ ᠪᠡ ᠪᠥᠷ ᠡᠷᠳᠡᠨ ᠤ ᠡᠪᠦᠭᠡ  ᠭᠠᠷᠪᠠᠯᠢ ᠶᠢᠨ ᠲᠤᠬᠠᠢ ᠦᠪᠤᠷ ᠮᠤᠩᠭᠤᠯ ᠤᠨ ᠡᠷᠳᠡᠮᠳᠡᠨ᠂ ᠲᠤᠮᠤᠭ ᠲᠤᠤᠯᠢᠰ ᠤᠨ ᠰᠤᠳᠤᠯᠤᠭᠠᠴᠢ ᠴᠢᠡᠳᠠᠮᠤᠨᠢ᠂  ᠲᠠᠩᠬᠢᠰ ᠨᠠᠷ ᠤᠨ ᠪᠥᠳᠥᠭᠡᠯ ᠨᠦᠬᠦᠵᠤ ᠦᠭᠬᠦ ᠪᠤᠯᠤᠮᠵᠢᠳᠠᠢ ᠪᠠᠶᠢᠨ᠎ᠠ᠃             3. ᠤᠳᠤ ᠶᠢᠨ ᠭᠡᠯᠡᠯᠴᠡᠭᠳᠡᠵᠤ ᠪᠤᠢ ᠪᠠᠷᠭᠤ ᠪᠠᠭᠠᠳᠤᠷ ᠤᠨ ᠭᠤᠷᠪᠡᠨ ᠬᠦᠪᠡᠬᠦᠨ ᠤ ᠦᠷ᠎ᠠ ᠤᠳᠤᠮ ᠪᠤᠯᠬᠤ  ᠪᠤᠷᠢᠶᠠᠳ ᠵᠤᠨ ᠤ ᠡᠬᠢᠷᠢᠳ᠂ ᠪᠤᠯᠠᠭᠠᠳᠠᠢ᠂ ᠬᠤᠷᠢ ᠤᠪᠤᠭ ᠤᠳ ᠨᠢ ᠨᠠᠶᠢᠳᠠ ᠶᠢᠨ ᠤᠨ ᠲᠤᠭᠠᠯᠠᠯ ᠤᠨ 10  ᠳ᠋ᠤᠭᠠᠷ ᠵᠠᠭᠤᠨ ᠠᠴᠠ ᠡᠬᠦᠰᠤᠨ ᠰᠠᠶ᠋ᠢ ᠲᠥᠯᠦᠪᠰᠢᠭᠰᠡᠨ ᠪᠥᠭᠡᠳ ᠡᠬᠦᠨ ᠠᠴᠠ ᠤᠷᠤᠭᠰᠢᠬᠢ ᠦᠶ᠎ᠠ ᠨᠢ ᠲᠠᠤᠭᠡ ᠶᠢᠨ  ᠰᠤᠳᠤᠯᠭ᠎ᠠ ᠪᠠᠷ ᠪᠠᠷᠭᠤ ᠲᠠᠢ ᠬᠠᠮᠢᠶᠡᠷᠤᠯᠳᠠᠢ ᠨᠢ ᠪᠠᠳᠤᠯᠠᠭᠳᠠᠵᠤ ᠪᠠᠶᠢᠨ᠎ᠠ᠃             4. ᠬᠠᠯᠬ᠎ᠠ ᠮᠤᠩᠭᠤᠯ ᠮᠠᠡᠵᠤ ᠴᠢᠩ ᠤᠯᠤᠰ ᠤᠨ ᠨᠦᠯᠦᠭᠡᠨ ᠳᠤ ᠠᠪᠳᠠᠵᠤ ᠲᠤᠰᠠᠭᠠᠷ ᠲᠤᠭᠳᠠᠨᠢᠯ ᠢᠶᠠᠨ  ᠠᠯᠳᠠᠬᠤ ᠳᠤ ᠮᠤᠩᠭᠤᠯ ᠠᠴᠠ ᠲᠠᠶᠢᠵᠢᠨ ᠲᠦᠷᠪᠡᠵᠤ ᠪᠤᠷᠢᠶᠠᠳ ᠤᠨ ᠨᠤᠳᠤᠭ ᠲᠤ ᠨᠡᠬᠦᠨ ᠤᠷᠤᠭᠰᠠᠨ ᠬᠠᠯᠬ᠎ᠠ᠂  ᠦᠪᠤᠷᠯᠡᠭᠴᠢ᠂ ᠦᠭᠡᠯᠡᠳ ᠤᠳ ᠤᠨ ᠵᠠᠷᠢᠮ ᠤᠪᠤᠭ ᠤᠳ ᠢᠶᠠᠷ ᠪᠤᠷᠢᠶᠠᠳ ᠵᠤᠨ ᠦᠨᠢᠷᠵᠢᠨ ᠢᠷᠠᠵᠠᠢ᠃  ᠲᠤᠬᠠᠢᠢᠯᠠᠪᠡᠯ᠄ ᠳ᠋ᠠᠷᠯᠧᠺᠠᠨ ᠤ ᠬᠤᠨᠭ᠍ᠬᠢᠷᠠᠳ ᠠᠶᠢᠮᠠᠭ ᠤᠨ ᠰᠠᠯᠪᠤᠷᠢ ᠤᠪᠤᠭ ᠤᠳ ᠪᠤᠯᠬᠤ ᠭᠤᠷᠯᠤᠰ᠂ ᠬᠠᠷᠠᠨᠤᠳ᠂  ᠨᠢᠷᠤᠭᠤᠨ ᠤ ᠬᠠᠳᠠᠬᠢᠨ᠂ ᠵᠡᠬᠦᠨ ᠮᠤᠩᠭᠤᠯ ᠤᠨ ᠵᠢᠷᠭᠤᠭᠠᠨ ᠲᠦᠮᠡᠨ ᠤ ᠨᠢᠭᠡ ᠶᠥᠡᠭᠰᠢᠶᠡᠪᠤ᠂ ᠴᠠᠬᠠᠷ ᠨᠠᠢᠮᠡᠨ  ᠬᠤᠰᠢᠭᠤᠨ ᠠᠴᠠ ᠭᠠᠷᠤᠯᠳᠠᠢ ᠭᠡᠭᠳᠡᠬᠦ ᠴᠤᠩᠭᠤᠯ ︵ᠰᠤᠩᠭᠤᠯ︶᠂ ᠬᠠᠯᠬ᠎ᠠ ᠭᠠᠷᠤᠯᠳᠠᠢ ᠰᠠᠯᠡᠩᠭᠡ ᠶᠢᠨ ᠭᠤᠷᠪᠡᠨ  ᠡᠴᠢᠭᠡ ᠶᠢᠨ ᠲᠠᠪᠤᠩᠭᠤᠳ ᠵᠠᠷᠭᠡ ᠤᠯᠠᠨ ᠤᠪᠤᠭ ᠤᠳ ᠢ ᠲᠤᠷᠠᠳᠴᠤ ᠪᠤᠯᠤᠨ᠎ᠠ᠃ ᠭᠠᠭᠴᠠ ᠬᠦ᠋‍ ᠨᠢᠭᠡ ᠤᠡᠴᠠᠯᠢᠭ ᠨᠢ  ᠭᠠᠳᠠᠨ᠎ᠠ ᠠᠴᠠ ᠤᠴᠢᠭᠰᠠᠨ ᠡᠳᠡᠭᠡᠷ ᠤᠪᠤᠭ ᠤᠳ ᠨᠢ ᠪᠤᠷᠢᠶᠠᠳ ᠵᠤᠨ ᠤ ᠭᠡᠪ᠂ ᠶᠤᠰᠤ ᠵᠠᠩᠰᠢᠯ᠂ ᠭᠡᠯᠡ  ᠰᠤᠶᠤᠯ ᠳᠤ ᠨᠠᠪᠳᠡᠷᠡᠵᠤ ᠢᠯᠭᠠᠭᠳᠠᠮ᠎ᠠ ᠦᠭᠡᠢ ᠪᠤᠯᠤᠭᠰᠠᠨ ᠨᠢ ᠭᠠᠶᠢᠬᠠᠯᠳᠠᠢ᠃             5. ᠪᠠᠷᠭᠤ ᠪᠤᠷᠢᠶᠠᠳ ᠤᠳ ᠨᠢ ᠪᠤᠷᠵᠢᠬᠢᠨ ᠤᠪᠤᠭ ᠤᠨ ᠬᠢᠨ ᠲᠠᠢ ᠠᠡᠳᠠᠭᠠᠢ ᠬᠤᠳᠠ ᠪᠠᠷᠢᠯᠴᠠᠵᠤ  ᠤᠯᠠᠮ ᠢᠶᠠᠷ ︽ᠠᠯᠳᠠᠨ ᠤᠷᠤᠭ︾ ᠤᠨ ᠬᠢᠨ ᠤ ᠨᠠᠭᠠᠴᠤ ᠪᠤᠶᠤ ᠴᠢᠰᠤᠨ ᠲᠥᠷᠤᠯ ᠡᠨᠡ ᠶᠠᠰᠤᠨ ᠠᠴᠠ ᠪᠥᠷᠢᠯᠳᠤᠵᠠᠢ  ᠃ ᠵᠢᠱᠢᠶᠡᠯᠡᠪᠡᠯ᠄ ᠲᠤᠪᠤ ᠮᠠᠷᠭᠡᠨ ᠤ ᠭᠡᠷᠭᠡᠢ ᠠᠯᠳᠠᠷᠳᠤ ᠠᠯᠤᠨ ᠭᠤ ᠤᠠ᠋ ᠬᠠᠳᠤᠨ᠂ ᠴᠢᠩᠬᠢᠰ ᠤᠨ ᠡᠪᠦᠭᠡ ᠪᠠᠷᠳᠠᠨ  ᠪᠠᠭᠠᠳᠤᠷ ᠤᠨ ᠭᠡᠷᠭᠡᠢ ᠰᠤᠨᠢᠬᠦᠯ ᠦᠵᠢᠨ᠂ ᠴᠢᠨᠠᠭᠰᠢᠯᠠᠭᠠᠳ ᠡᠭᠡ ᠦᠭᠡᠯᠤᠨ ᠦᠵᠢᠨ᠂ ᠶᠡᠭᠡ ᠬᠠᠳᠤᠨ ᠪᠥᠷᠳᠠ  ᠦᠵᠢᠨ᠂ ᠬᠤᠪᠢᠯᠠᠢ᠂ ᠬᠦᠯᠡᠬᠦ ᠬᠠᠭᠠᠳ ᠤᠨ ᠨᠠᠮᠪᠤᠢ ᠬᠠᠳᠤᠨ᠂ ᠺᠤᠳᠠᠢ ᠬᠠᠳᠤᠨ᠂ ᠭᠡᠷᠮᠠᠨ ᠬᠠᠳᠤᠨ ᠵᠡᠷᠭᠡ ᠤᠯᠠᠨ  ᠬᠠᠳᠤᠳ ᠢ ᠨᠠᠷᠠᠯᠠᠵᠤ ᠪᠤᠯᠤᠨ᠎ᠠ᠃ ᠡᠬᠦᠪᠡᠷ ᠢᠶᠠᠨ ᠪᠤᠰᠤᠳ ᠮᠤᠩᠭᠤᠯ ᠤᠭᠰᠠᠭ᠎ᠠ ᠲᠠᠢ ᠠᠶᠢᠮᠠᠭ ᠶᠠᠰᠤᠳᠠᠨ᠂  ᠤᠪᠤᠭ ᠤᠳ ᠠᠴᠠ ᠨᠠᠩ ᠢᠯᠭᠠᠷᠠᠳᠠᠭ ᠤᠴᠢᠷ ᠪᠠᠷᠭᠤ᠂ ᠪᠤᠷᠢᠶᠠᠳ ᠲᠦᠮᠡᠨ ᠤ ᠨᠢᠭᠡᠨ ᠪᠠᠭ᠋ᠠᠷᠬᠠᠯ ᠪᠤᠯᠬᠤ ᠶᠢ  ᠬᠤᠶᠢᠴᠢ ᠦᠶ᠎ᠠ ᠮᠡᠳᠡᠳᠥᠭᠡᠢ᠃             ᠪᠠᠷᠭᠤ ᠪᠤᠷᠢᠶᠠᠳ ᠮᠤᠩᠭᠤᠯᠴᠤᠳ ᠤᠨ ᠤᠭ ᠤᠨ ᠪᠢᠴᠢᠭ ᠠᠴᠠ ᠪᠤᠷᠢᠶᠠᠳ ᠲᠦᠮᠡᠨ ᠤ ᠤᠪᠤᠭ  ᠠᠶᠢᠮᠠᠭ ᠤᠨ ᠲᠤᠪᠴᠢ ᠤᠢᠢᠯᠠᠭᠠᠯᠳᠠ᠂ ᠤᠪᠤᠭ ᠤᠳ ᠤᠨ ᠤᠭ ᠢᠵᠠᠭᠤᠷ᠂ ᠲᠡᠳᠡᠨ ᠤ ᠲᠤᠬᠠᠢ ᠲᠤᠮᠤᠭ᠂ ᠡᠳᠡᠭᠡᠷ  ᠤᠪᠤᠭ ᠠᠴᠠ ᠭᠠᠷᠤᠯᠳᠠᠢ ᠲᠡᠤᠭᠡᠳᠤ ᠬᠦᠮᠤᠰ ᠤᠨ ᠤᠳᠤᠮ᠂ ᠲᠡᠳᠡᠨ ᠤ ᠲᠤᠪᠴᠢ ᠲᠠᠶᠢᠯᠪᠤᠷᠢ ᠵᠠᠷᠭᠡ ᠶᠢ ᠨᠢᠭᠡᠳᠭᠡᠨ  ᠦᠵᠡᠬᠦ ᠪᠤᠯᠤᠮᠵᠢᠳᠠᠢ᠃            ᠠᠯᠳᠠᠭᠰᠠᠨ ᠲᠠᠰᠢᠶᠠᠷᠠᠭᠰᠠᠨ ᠵᠦᠢᠯ ᠲᠠᠭᠠᠷᠠᠯᠳᠤᠬᠤ ᠠᠪᠠᠰᠤ ᠬᠦᠯᠢᠴᠡᠯ ᠦᠴᠢᠬᠦ ᠶᠢᠨ ᠲᠡᠭᠡᠷ᠎ᠠ᠂ ᠲᠠ  ᠪᠥᠬᠦᠨ ᠦᠪᠡᠷᠰᠡᠳ ᠤᠨ ᠤᠶᠤᠨ ᠮᠡᠳᠡᠯᠭᠡ ᠪᠠᠷ ᠢᠶᠠᠨ ᠵᠠᠯᠠᠷᠠᠭᠤᠯᠵᠤ ᠲᠤᠩᠭᠠᠬᠤ ᠪᠤᠢ ‍ᠶ᠎ᠠ᠃  
 
ᠢᠷᠡᠯᠲᠡ᠄ ᠬᠥᠯᠦᠨ ᠪᠣᠶᠢᠷ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09002379号