ᠭᠤᠸ᠎ᠠ ᠰᠠᠶᠢᠬᠠᠨ ᠤ ᠦᠵᠡᠰᠬᠦᠯᠡᠩᠳᠤ ᠡᠯᠴᠢ
ᠨᠡᠶᠢᠲᠡᠯᠡᠭᠰᠡᠨ ᠴᠠᠭ᠄
2019/5/29
             ᠵᠣᠬᠢᠶᠠᠭᠴᠢ᠄  ᠬᠤᠪᠢᠳᠤ       ᠡᠮᠡᠭᠳᠡᠢ ᠬᠦᠮᠦᠨ ᠤ ᠦᠪᠡᠷ ᠲᠡᠭᠡᠨ ᠢᠳᠡᠬᠡᠬᠦ ᠢᠳᠡᠬᠡᠯ᠂ ᠪᠡᠶ᠎ᠡ ᠪᠠᠨ ᠳᠠᠭᠠᠭᠠᠭᠰᠠᠨ ᠪᠠᠶᠢᠳᠠᠯ ᠢ ᠨᠡᠮᠡᠭᠳᠡᠬᠦᠯᠳᠡᠭ  ᠵᠦᠢᠯᠡᠰ ᠤᠨ ᠨᠢᠬᠡ ᠪᠤᠯ ︽ᠨᠢᠭᠤᠷ ᠪᠤᠳᠤᠯᠳᠠ︾ ᠪᠢᠯᠡ᠃ ᠳᠡᠶᠢᠮᠦ ᠳᠡᠭᠡᠨ ᠴᠤ ᠤᠳᠤᠬᠠᠨ ᠳᠤ ᠦᠬᠢᠳ  ᠪᠦᠰᠡᠬᠦ᠋ᠢᠴᠤᠳ ᠬᠡᠷᠬᠢᠨ ᠨᠢᠭᠤᠷ ᠢᠶᠠᠨ ᠵᠦᠪ ᠪᠤᠳᠤᠵᠤ᠂ ᠦ ᠰᠡᠪ ᠢᠶᠠᠨ ᠶᠠᠭᠠᠬᠢᠵᠤ ᠳᠠᠯᠳᠠᠯᠠᠬᠤ ᠳᠠᠯ᠎ᠠ ᠪᠠᠷ  ᠶᠡᠬᠡᠬᠡᠨ ᠰᠤᠷᠤᠯᠴᠠᠬᠤ ᠪᠤᠯᠤᠭᠰᠠᠨ᠃ ᠤᠳᠤ ᠵᠢᠰᠤ ᠭᠤᠶᠤᠯᠠᠯ ᠤᠨ ᠠᠵᠢᠯ ᠤᠨ ᠬᠦᠷᠢᠶᠠᠨ ᠳᠤ ᠰᠢᠭᠤᠷᠬᠠᠢᠢᠯᠠᠵᠤ  ᠶᠠᠪᠤᠭ᠎ᠠ ᠤᠳᠤᠨ ᠠᠴᠠ ᠭᠤᠸ᠎ᠠ ᠰᠠᠶᠢᠬᠠᠨ ᠤ ᠪᠤᠯᠪᠠᠰᠤᠷᠠᠯ ᠤᠨ ᠬᠢᠴᠢᠶᠡᠯ ᠡᠷᠬᠢᠯᠡᠬᠦ ᠪᠠᠷ ᠨᠤᠳᠤᠭ ᠲᠠᠭᠠᠨ ᠢᠷᠡᠭᠰᠡᠨ  ᠴᠢᠮᠡᠭᠡ ᠪᠠᠷ ᠳᠦᠬᠦᠮ ᠶᠠᠷᠢᠯᠴᠠᠯᠭ᠎ᠠ ᠠᠪᠴᠤ ᠪᠢᠯᠡ᠃         ᠤᠳᠤᠨ ᠬᠦᠯᠦᠨ ᠪᠤᠶᠢᠷ ᠬᠤᠳᠠ ᠶᠢᠨ ᠰᠢᠨ᠎ᠡ ᠪᠠᠷᠭᠤ ᠵᠡᠬᠦᠨ ᠬᠤᠰᠢᠭᠤᠨ ᠤ ᠰᠢᠨᠡᠪᠤᠯᠠᠭ ᠰᠤᠮᠤᠨ ᠤ  ᠪᠦᠯᠬᠦᠮᠳᠡᠯ ᠭᠠᠴᠠᠭᠠᠨ ᠤ ᠳᠠᠪᠰᠢᠯᠳᠤ᠂ ᠴᠡᠴᠡᠭ ᠤᠨ ᠤᠤᠭᠠᠨ ᠬᠡᠤᠬᠡᠨ ᠪᠤᠯᠤᠨ ᠵᠠᠶᠠᠭᠠᠵᠠᠢ᠃ ᠳᠡᠷᠡ ᠪᠠᠷ  ᠤᠯᠤᠰ ᠤᠨ ᠳᠡᠰ ᠤᠨ ᠵᠢᠰᠤ ᠭᠤᠶᠤᠯᠠᠯ ᠤᠨ ᠠᠵᠢᠯ ᠮᠡᠷᠬᠡᠵᠢᠯ ᠤᠨ ᠴᠤᠯᠠ ᠲᠠᠢ᠃ ᠦᠪᠦᠷ ᠮᠤᠩᠭᠤᠯ ᠤᠨ ᠬᠦᠳᠡᠯᠮᠦᠷᠢ ᠶᠢᠨ ᠳᠢᠩᠭᠢᠮ ᠤᠨ ᠳᠡᠭᠡᠳᠤ ᠳᠡᠰ ᠤᠨ ᠵᠢᠰᠤ ᠭᠤᠶᠤᠯᠠᠭᠴᠢ᠂ ᠳᠤᠰᠬᠠᠢ ᠮᠡᠷᠬᠡᠵᠢᠯ ᠤᠨ ᠭᠤᠸ᠎ᠠ  ᠰᠠᠶᠢᠬᠠᠨ ᠤ ᠪᠤᠯᠪᠠᠰᠤᠷᠠᠯ ᠤᠨ ᠪᠠᠭᠰᠢ᠂ ᠬᠦᠬᠡᠬᠤᠳᠠ ᠳᠤ ︽ᠤᠳᠤᠨ︾ ᠵᠢᠰᠤ ᠭᠤᠶᠤᠯᠠᠯ ᠤᠨ ᠦᠷᠦᠬᠡ ᠶᠢ  ᠠᠵᠢᠯᠯᠠᠭᠤᠯᠤᠭᠠᠳ ᠳᠠᠪᠤᠨ ᠵᠢᠯ ᠤᠨ ᠨᠢᠭᠤᠷ ᠢ ᠦᠵᠡᠵᠤ ᠶᠠᠪᠤᠨ᠎ᠠ᠃         ᠵᠢᠰᠤ ᠭᠤᠶᠤᠯᠠᠯ ᠪᠤᠯ ᠵᠢᠰᠤ ᠭᠤᠶᠤᠯᠠᠯ ᠤᠨ ᠪᠦᠲᠦᠬᠡᠭᠳᠡᠬᠦᠨ ᠪᠠ ᠵᠢᠰᠤ ᠭᠤᠶᠤᠯᠠᠯ ᠤᠨ ᠮᠡᠷᠬᠡᠵᠢᠯ ᠢ ᠬᠡᠷᠡᠭᠯᠡᠨ  ᠬᠦᠮᠦᠰ ᠤᠨ ᠨᠢᠭᠤᠷ ᠴᠢᠷᠠᠢ ᠶᠢ ᠬᠤᠪᠢᠷᠠᠭᠤᠯᠤᠨ ᠦᠡᠭᠭᠡ ᠪᠤᠳᠤᠭ᠂ ᠬᠤᠪᠴᠠᠰᠤ᠂ ᠵᠠᠰᠠᠯ ᠴᠢᠮᠡᠭᠯᠡᠯ ᠤᠨ  ᠪᠦᠲᠦᠬᠡᠭᠳᠡᠬᠦᠨ ᠢ ᠡᠪᠯᠢᠭ ᠵᠤᠬᠢᠴᠠᠭᠤᠯᠬᠤ ᠪᠠᠷ ᠳᠠᠮᠵᠢᠨ ᠬᠦᠮᠦᠰ ᠤᠨ ᠭᠤᠸ᠎ᠠ ᠰᠠᠶᠢᠬᠠᠨ ᠤ ᠬᠦᠬᠡᠬᠡᠴᠡᠯᠳᠦᠯ ᠢ ᠨᠢ  ᠪᠡᠶᠡᠯᠡᠬᠦᠯᠬᠦ ᠪᠤᠶᠤ ᠬᠦᠮᠦᠰ ᠢ ᠶᠠᠮᠠᠷ ᠨᠢᠬᠡᠨ ᠤᠨᠴᠠᠭᠠᠢ ᠠᠵᠢᠯ ᠮᠡᠷᠬᠡᠵᠢᠯ ᠤᠨ ᠳᠠᠯᠠᠪᠤᠷ ᠲᠤ ᠳᠤᠬᠢᠷᠠᠭᠤᠯᠴᠠᠭᠤᠯᠬᠤ  ᠨᠢᠬᠡ ᠵᠦᠢᠯ ᠤᠨ ᠠᠷᠭ᠎ᠠ ᠪᠠᠷᠢᠯ ᠪᠤᠯᠤᠨ᠎ᠠ᠃ ᠵᠢᠰᠤ ᠭᠤᠶᠤᠯᠠᠯ ᠤᠨ ᠠᠵᠢᠯ ᠮᠡᠷᠬᠡᠵᠢᠯ ᠨᠢ ᠬᠦᠮᠦᠰ ᠤᠨ ᠦᠪᠡᠷ ᠤᠨ  ᠢᠳᠡᠬᠡᠯ ᠢ ᠨᠢ ᠨᠡᠮᠡᠭᠳᠡᠬᠦᠯᠵᠤ᠂ ᠴᠤᠭ ᠵᠤᠯᠢ ᠲᠠᠢ᠂ ᠠᠮᠢᠳᠤᠷᠠᠯ ᠳᠤ ᠪᠠᠶᠠᠷ ᠵᠢᠷᠭᠠᠯ ᠲᠠᠢ ᠪᠠᠶᠢᠯᠭᠠᠬᠤ ᠳᠤ ᠵᠤᠬᠢᠬᠤ  ᠬᠡᠮᠵᠢᠶ᠎ᠡ ᠪᠠᠷ ᠦᠢᠯᠡᠴᠢᠯᠡᠳᠡᠭ᠃ ᠤᠳᠤᠨ ᠤ ᠵᠢᠰᠤ ᠭᠤᠶᠤᠯᠠᠯ ᠤᠨ ᠦᠷᠦᠬᠡ ᠨᠢ ᠳᠤᠮᠤ ᠬᠡᠯᠪᠡᠷᠢ ᠶᠢᠨ ᠠᠶ᠎ᠠ ᠳᠠᠭᠤᠤ ᠶᠢᠨ ᠦᠳᠡᠰᠢᠯᠡᠭᠡ᠂ MV  ᠴᠤᠮᠤᠭ ᠤᠨ ᠰᠡᠬᠦᠳᠡᠷᠯᠡᠭᠡ᠂ ᠳᠤᠮᠤ ᠬᠡᠯᠪᠡᠷᠢ ᠶᠢᠨ ᠵᠤᠭ᠎ᠠ ᠴᠡᠩᠭᠡᠬᠦᠨ ᠤ ᠨᠡᠪᠳᠡᠷᠡᠬᠦᠯᠬᠡ ᠳᠤ ᠤᠨᠴᠠ ᠤᠷᠢᠭᠰᠠᠨ  ᠵᠢᠰᠤ ᠭᠤᠶᠤᠯᠠᠯ ᠤᠨ ᠠᠵᠢᠯ ᠢ ᠬᠠᠷᠢᠭᠤᠴᠠᠨ ᠬᠢᠳᠡᠭ᠃ ᠦᠪᠡᠷ ᠢᠶᠠᠨ 2012 — 2019 ᠤᠨ ᠪᠤᠯᠳᠠᠯ᠎ᠠ  ᠦᠪᠦᠷ ᠮᠤᠩᠭᠤᠯ ᠤᠨ ᠮᠤᠩᠭᠤᠯ᠂ ᠬᠢᠳᠠᠳ ᠬᠡᠯᠡᠨ ᠤ ᠴᠠᠭᠠᠨ ᠰᠠᠷ᠎ᠠ ᠶᠢᠨ ᠦᠳᠡᠰᠢᠯᠡᠭᠡ ᠪᠠ ᠡᠯ᠎ᠡ ᠠᠶᠢᠮᠠᠭ  ᠬᠤᠳᠠ ᠶᠢᠨ ᠴᠠᠭᠠᠨ ᠰᠠᠷ᠎ᠠ ᠶᠢᠨ ᠦᠳᠡᠰᠢᠯᠡᠭᠡ ᠶᠢᠨ ᠤᠨᠴᠠ ᠤᠷᠢᠭᠰᠠᠨ ᠵᠢᠰᠤ ᠭᠤᠶᠤᠯᠠᠭᠴᠢ ᠪᠠᠷ ᠠᠵᠢᠯᠯᠠᠵᠤ  ᠦᠡᠭᠭᠡᠷᠡᠭᠰᠡᠨ ᠪᠦᠭᠡᠳ ᠦᠪᠦᠷ ᠮᠤᠩᠭᠤᠯ ᠪᠠ ᠮᠤᠩᠭᠤᠯ ᠤᠯᠤᠰ ᠤᠨ ᠨᠡᠷᠡᠳᠤ ᠵᠦᠴᠦᠬᠡᠴᠢᠨ ᠤᠷᠠᠯᠢᠭᠴᠢᠳ ᠤᠨ  ᠬᠠᠮᠳᠤᠷᠠᠯᠴᠠᠭᠠᠨ ᠤ ᠵᠢᠰᠤ ᠭᠤᠶᠤᠯᠠᠭᠴᠢ ᠶᠢᠨ ᠠᠵᠢᠯ ᠢ ᠡᠬᠦᠷᠬᠡᠯᠡᠵᠤ ᠬᠢᠵᠡᠢ᠃         — ︽ᠢᠨᠢᠶᠡᠳᠤ ᠲᠠᠢ ᠦᠳᠡᠰᠢ︾᠂ ︽ᠰᠢᠯᠦᠭ ᠪᠢᠳᠡ ᠬᠤᠶᠠᠷ︾ ᠵᠡᠷᠬᠡ ᠳᠤᠮᠤ ᠬᠡᠯᠪᠡᠷᠢ ᠶᠢᠨ ᠲᠧᠯᠸᠢᠰ  ᠨᠡᠪᠳᠡᠷᠡᠬᠦᠯᠬᠡ ᠶᠢᠨ ᠵᠢᠰᠤ ᠭᠤᠶᠤᠯᠠᠭᠴᠢ ᠪᠠᠷ ᠠᠵᠢᠯᠯᠠᠵᠤ ᠦᠡᠭᠭᠡᠷᠡᠵᠡᠢ᠃ ᠠᠯᠳᠠᠷᠳᠤ ᠳᠠᠭᠤᠴᠢᠨ ᠴᠡᠴᠡᠭᠮ᠎ᠡ᠂  ᠦᠪᠦᠷ ᠮᠤᠩᠭᠤᠯ ᠤᠨ ᠰᠤᠳᠤᠨ ᠬᠦᠲᠦᠯᠦᠭᠴᠢ ᠠᠯᠢᠮ᠎ᠠ᠂ ᠮᠤᠩᠭᠤᠯ ᠤᠯᠤᠰ ᠤᠨ ᠨᠡᠷᠡᠳᠤ ᠰᠡᠳᠬᠦᠯᠴᠢ ᠫ᠊ ·  ᠠᠨᠤᠵᠢᠨ ᠵᠡᠷᠬᠡ ᠤᠯᠠᠨ ᠨᠡᠷᠡᠳᠤ ᠬᠦᠮᠦᠰ ᠲᠤ ᠵᠢᠰᠤ ᠭᠤᠶᠤᠯᠠᠵᠤ ᠪᠠᠶᠢᠵᠠᠢ᠃ ᠤᠳᠤᠬᠠᠨ ᠳᠤ ᠬᠦᠮᠦᠰ ᠳᠤᠮᠤ  ᠬᠡᠯᠪᠡᠷᠢ ᠶᠢᠨ ᠳᠠᠶᠢᠰᠨᠨ ᠤ ᠵᠠᠰᠠᠯ ᠪᠠ ᠳᠤᠭᠯᠠᠭᠴᠢ᠂ ᠮᠤᠳᠧᠯ ᠵᠡᠷᠬᠡ ᠤᠨᠴᠠᠭᠠᠢ ᠠᠵᠢᠯ ᠮᠡᠷᠬᠡᠵᠢᠯ ᠤᠨ ᠵᠢᠰᠤ  ᠭᠤᠶᠤᠯᠠᠯ ᠤᠨ ᠬᠡᠷᠡᠭᠴᠡᠭᠡ ᠠᠴᠠ ᠭᠠᠳᠠᠨ᠎ᠠ ᠠᠮᠢᠳᠤᠷᠠᠯ ᠤᠨ ᠵᠢᠰᠤ ᠭᠤᠶᠤᠯᠠᠯ ᠪᠠ ᠰᠢᠨ᠎ᠡ ᠪᠠᠷᠢ ᠶᠢᠨ ᠵᠢᠰᠤ  ᠭᠤᠶᠤᠯᠠᠯ ᠢ ᠢᠯᠡᠬᠦᠦ ᠴᠢᠬᠤᠯᠠᠴᠢᠯᠠᠳᠠᠭ ᠪᠤᠯᠤᠭᠰᠠᠨ᠃         ᠡᠮᠡᠭᠳᠡᠶᠢᠴᠤᠳ ᠤᠨ ᠪᠠᠶᠢᠷᠢ ᠰᠠᠭᠤᠷᠢ ᠠᠮᠢᠳᠤᠷᠠᠯ ᠤᠨ ᠠᠷᠭ᠎ᠠ ᠬᠡᠯᠪᠡᠷᠢ ᠶᠢᠨ ᠬᠤᠪᠢᠷᠠᠯᠳᠠ ᠶᠢ ᠳᠠᠭᠠᠯᠳᠤᠨ  ᠨᠠᠶᠢᠬᠡᠮ ᠤᠨ ᠬᠠᠷᠢᠯᠴᠠᠭᠠᠨ ᠤ ᠬᠡᠷᠡᠭᠴᠡᠭᠡ᠂ ᠠᠵᠢᠯ ᠮᠡᠷᠬᠡᠵᠢᠯ ᠤᠨ ᠬᠦᠳᠡᠯᠬᠡᠬᠡᠨ ᠤ ᠬᠡᠷᠡᠭᠴᠡᠭᠡ ᠪᠠᠷ ᠡᠮᠡᠭᠳᠡᠶᠢᠴᠤᠳ  ᠦᠪᠡᠷ ᠤᠨ ᠭᠤᠸ᠎ᠠ ᠰᠠᠶᠢᠬᠠᠨ ᠳᠠᠭᠠᠨ ᠠᠩᠬᠠᠷᠤᠯ ᠳᠠᠯᠪᠢᠬᠤ ᠪᠤᠯᠤᠭᠰᠠᠨ ᠨᠢ ᠨᠡᠶᠢᠬᠡᠮ ᠤᠨ ᠤᠷᠤᠰᠬᠠᠯ ᠪᠤᠯᠤᠭᠰᠠᠨ  ᠶᠤᠮ᠃           — ᠡᠮᠡᠭᠳᠡᠢ ᠬᠦᠮᠦᠨ ᠦᠪᠡᠷ ᠤᠨ ᠭᠤᠸ᠎ᠠ ᠰᠠᠶᠢᠬᠠᠨ ᠳᠠᠭᠠᠨ ᠠᠩᠬᠠᠷᠤᠯ ᠳᠠᠯᠪᠢᠬᠤ ᠪᠤᠯ  ᠡᠮᠡᠭᠳᠡᠶᠢᠴᠤᠳ ᠤᠨ ᠰᠤᠶᠤᠯ ᠪᠤᠯᠪᠠᠰᠤᠷᠠᠯ ᠤᠨ ᠴᠢᠬᠤᠯᠠ ᠪᠦᠷᠢᠯᠳᠦᠬᠦᠨ ᠪᠤᠯᠬᠤ ᠶᠤᠮ᠃ ᠦᠪᠡᠷ ᠤᠨ ᠪᠡᠶ᠎ᠡ ᠳᠡᠭᠡᠨ  ᠳᠤᠬᠢᠷᠠᠭᠤᠯᠵᠤ᠂ ᠨᠢᠭᠤᠷ ᠴᠢᠷᠠᠢ ᠳᠠᠭᠠᠨ ᠵᠤᠬᠢᠴᠠᠭᠤᠯᠵᠤ᠂ ᠠᠵᠢᠯ ᠮᠡᠷᠬᠡᠵᠢᠯ ᠲᠠᠢ ᠪᠠᠨ ᠨᠡᠶᠢᠴᠡᠭᠦᠯᠵᠤ ᠪᠤᠳᠤᠵᠤ  ᠵᠠᠰᠠᠬᠤ ᠪᠤᠯ ᠪᠠᠰᠠ ᠴᠤ ᠨᠢᠬᠡ ᠬᠦᠮᠦᠨ ᠤ ᠭᠤᠸ᠎ᠠ ᠰᠠᠶᠢᠬᠠᠨ ᠤ ᠪᠠᠶᠢᠳᠠᠯ ᠢ ᠵᠤᠬᠢᠬᠤ ᠬᠡᠮᠵᠢᠶᠡᠨ ᠳᠤ ᠢᠯᠡᠷᠡᠬᠦᠯᠵᠤ  ᠴᠢᠳᠠᠳᠠᠭ᠃         ᠴᠢᠷᠮᠠᠶᠢᠯᠭ᠎ᠠ ᠬᠦᠮᠦᠨ ᠢ ᠭᠤᠮᠤᠳᠠᠭᠠᠬᠤ ᠦᠬᠡᠢ ᠭᠡᠳᠡᠭᠴᠢᠯᠡᠨ ᠠᠵᠢᠯ ᠮᠡᠷᠬᠡᠵᠢᠯ ᠳᠡᠭᠡᠨ ᠴᠢᠩ ᠰᠡᠳᠬᠢᠯ ᠢᠶᠠᠷ  ᠬᠠᠨᠳᠤᠵᠤ᠂ ᠡᠶᠡᠯᠰᠡᠭ ᠳᠤᠳᠤᠨᠤ ᠦᠬᠡ ᠶᠠᠷᠢᠶ᠎ᠠ᠂ ᠦᠵᠡᠰᠬᠦᠯᠡᠩ ᠭᠠᠯᠪᠢᠷ ᠳᠦᠷᠢ ᠳᠦᠷᠬᠦ᠂ ᠤᠷᠠᠨ ᠭᠤᠴᠤ ᠵᠢᠰᠤ  ᠭᠤᠶᠤᠯᠠᠯ ᠤᠨ ᠴᠢᠳᠠᠪᠤᠷᠢ ᠪᠠᠷ ᠢᠶᠠᠨ ᠦᠢᠯᠡᠴᠢᠯᠡᠬᠦᠯᠦᠭᠴᠢ ᠵᠤᠴᠢᠳ ᠢᠶᠠᠨ ᠨᠦᠯᠦᠬᠡᠯᠡᠵᠤ ᠢᠷᠡᠭᠰᠡᠨ ᠤᠳᠤᠨ᠂  2014 ᠤᠨ ᠳᠤ ᠦᠪᠦᠷ ᠮᠤᠩᠭᠤᠯ ᠤᠨ ᠠᠩᠬᠠᠳᠤᠭᠠᠷ ᠬᠤᠭᠤᠴᠠᠭᠠᠨ ᠤ ᠵᠢᠰᠤ ᠭᠤᠶᠤᠯᠠᠯ ᠤᠨ ᠴᠢᠳᠠᠪᠤᠷᠢ ᠶᠢᠨ  ᠤᠷᠤᠯᠳᠤᠭᠠᠨ ᠳᠤ ᠬᠤᠶᠠᠳᠤᠭᠠᠷ ᠳᠡᠰ ᠲᠤ ᠳᠤᠳᠤᠷᠠᠨ᠂ ᠤᠯᠤᠰ ᠤᠨ ᠳᠤᠳᠤᠭᠠᠳᠤ ᠶᠢᠨ ᠮᠤᠳᠧᠯ ᠤᠨ  ᠤᠷᠤᠯᠳᠤᠭᠠᠨ ᠤ ᠵᠢᠰᠤ ᠭᠤᠶᠤᠯᠠᠯ ᠤᠨ ᠨᠢᠬᠡᠳᠦᠬᠡᠷ ᠳᠡᠰ ᠤᠨ ᠱᠠᠩᠨᠠᠯ ᠢ ᠬᠦᠷᠳᠡᠬᠡᠳ ᠦᠪᠦᠷ ᠮᠤᠩᠭᠤᠯ ᠤᠨ  ᠬᠦᠳᠡᠯᠮᠦᠷᠢ ᠶᠢᠨ ᠳᠢᠩᠭᠢᠮ ᠤᠨ ︽ᠳᠡᠭᠡᠳᠤ ᠳᠡᠰ ᠤᠨ ᠵᠢᠰᠤ ᠭᠤᠶᠤᠯᠠᠭᠴᠢ︾ ᠶᠢᠨ ᠠᠵᠢᠯ ᠮᠡᠷᠬᠡᠵᠢᠯ ᠤᠨ ᠴᠤᠯᠠ  ᠬᠦᠷᠳᠡᠵᠡᠢ᠃         ᠤᠳᠤᠨ ᠪᠤᠯ ᠪᠠᠰᠠ ᠴᠤ ᠦᠪᠦᠷ ᠮᠤᠩᠭᠤᠯ ᠤᠨ ᠠᠩᠬᠠᠳᠠᠭᠴᠢ ᠳᠤᠮᠤ ᠬᠡᠯᠪᠡᠷᠢ ᠶᠢᠨ ᠳᠠᠶᠢᠰᠠᠨ ᠤ ᠵᠠᠰᠠᠯ ᠪᠤᠶᠤ  ᠭᠤᠸ᠎ᠠ ᠰᠠᠶᠢᠬᠠᠨ ᠤ ᠪᠤᠯᠪᠠᠰᠤᠷᠠᠯ ᠤᠨ ᠠᠩᠭᠢ ᠶᠢ ᠡᠷᠬᠢᠯᠡᠨ ᠬᠢᠭᠰᠡᠨ ᠬᠦᠮᠦᠨ ᠪᠤᠯᠤᠨ᠎ᠠ᠃ ᠬᠦᠬᠡᠬᠤᠳᠠ᠂ ᠰᠢᠯᠢ ᠶᠢᠨ  ᠭᠤᠤᠯ ᠠᠶᠢᠮᠠᠭ ᠤᠨ ᠪᠠᠷᠠᠭᠤᠨ ᠦᠵᠦᠮᠦᠴᠢᠨ᠂ ᠵᠡᠬᠦᠨ ᠦᠵᠦᠮᠦᠴᠢᠨ᠂ ᠰᠦᠨᠢᠳ ᠪᠠᠷᠠᠭᠤᠨ ᠬᠤᠰᠢᠭᠤ ᠂  ᠰᠢᠯᠤᠭᠤᠨ ᠬᠦᠬᠡ ᠬᠤᠰᠢᠭᠤ᠂ ᠤᠷᠳᠤᠰ ᠤᠨ ᠤᠳᠤᠭ ᠬᠤᠰᠢᠭᠤ᠂ ᠬᠠᠨᠭ᠍ᠭᠢᠨ ᠬᠤᠰᠢᠭᠤ᠂ ᠳᠦᠷᠪᠡᠳ ᠬᠤᠰᠢᠭᠤ ᠂  ᠬᠦᠯᠦᠨ ᠪᠤᠶᠢᠷ ᠬᠤᠳᠠ ᠶᠢᠨ ᠬᠠᠶᠢᠯᠠᠷ ᠳᠤᠭᠤᠷᠢᠭ᠂ ᠠᠯᠠᠱᠠ᠂ ᠪᠠᠶᠠᠨᠨᠠᠭᠤᠷ ᠤᠨ ᠤᠷᠠᠳ ᠤᠨ ᠡᠮᠤᠨᠡᠳᠤ ᠬᠤᠰᠢᠭᠤ  ᠵᠡᠷᠬᠡ ᠨᠡᠶᠢᠳᠡ 26 ᠦᠷᠳᠡᠭᠡ ᠳᠤ ᠭᠤᠸ᠎ᠠ ᠰᠠᠶᠢᠬᠠᠨ ᠤ ᠪᠤᠯᠪᠠᠰᠤᠷᠠᠯ ᠬᠦ᠋ᠷᠳᠡᠬᠡᠵᠤ᠂ ᠤᠷᠤᠯᠴᠠᠭᠰᠠᠨ ᠬᠡᠰᠢᠬᠦᠳ  ᠨᠡᠶᠢᠳᠡ 700 ᠭᠠᠷᠤᠢ ᠬᠦᠮᠦᠨ ᠪᠤᠯᠵᠠᠢ᠃         2015 ᠤᠨ ᠳᠤ ︽ᠤᠳᠤᠨ︾ ᠵᠢᠰᠤ ᠭᠤᠶᠤᠯᠠᠯ ᠤᠨ ᠦᠷᠦᠬᠡ ᠶᠢ ᠠᠵᠢᠯᠯᠠᠭᠤᠯᠵᠤ᠂ ᠦᠪᠡᠷ ᠤᠨ ᠬᠡᠰᠡᠨ  ᠵᠢᠰᠤ ᠭᠤᠶᠤᠯᠠᠯ ᠤᠨ ᠡᠩᠨᠡᠭᠡ ᠶᠢ ᠪᠦᠷᠢᠯᠳᠦᠬᠦᠯᠵᠡᠢ᠃ ᠳᠡᠷᠡ ᠶᠠᠷᠢᠬᠤ ᠳᠠᠭᠠᠨ᠄ ︽ᠵᠢᠰᠤ ᠭᠤᠶᠤᠯᠠᠬᠤ ᠪᠤᠯ ᠨᠢᠬᠡᠨ  ᠪᠤᠰᠤᠳ ᠤᠨ ᠭᠤᠸ᠎ᠠ ᠰᠠᠶᠢᠬᠠᠨ ᠳᠤ ᠦᠢᠯᠡᠴᠢᠯᠡᠳᠡᠭ ᠦᠢᠯᠡᠴᠢᠯᠡᠬᠡᠨ ᠤ ᠠᠵᠢᠯ ᠮᠦᠷᠳᠡᠬᠡᠨ ᠦᠪᠡᠷ ᠤᠨ ᠭᠤᠸ᠎ᠠ  ᠰᠠᠶᠢᠬᠠᠨ ᠳᠦᠷᠢ ᠳᠦᠷᠬᠦ ᠪᠤᠯᠪᠠᠰᠤᠨ ᠰᠠᠶᠢᠬᠠᠨ ᠦᠢᠯᠡᠴᠢᠯᠡᠬᠡᠨ ᠤ ᠠᠷᠭ᠎ᠠ ᠪᠠᠷᠢᠯ ᠢᠶᠠᠷ ᠢᠶᠠᠨ ᠪᠤᠰᠤᠳ ᠢ  ᠨᠦᠯᠦᠬᠡᠯᠡᠳᠡᠭ ᠠᠵᠢᠯ ᠪᠤᠯᠤᠨ᠎ᠠ᠃ ᠠᠵᠢᠯ ᠤᠨ ᠦᠷᠦᠬᠡ ᠳᠤ ᠮᠠᠨᠢ ᠡᠳᠦᠷᠵᠢᠨ ᠠᠵᠢᠯ ᠳᠠᠰᠤᠷᠠᠳᠠᠭ ᠦᠬᠡᠢ᠂ ᠡᠨᠡ  ᠠᠵᠢᠯ ᠢ ᠬᠢᠬᠦ ᠳᠤ ᠠᠵᠢᠯ ᠮᠡᠷᠬᠡᠵᠢᠯ ᠳᠡᠭᠡᠨ ᠬᠠᠶᠢᠷᠠᠳᠠᠢ ᠳᠡᠪᠴᠢᠶᠡᠷᠢᠳᠡᠢ ᠪᠠᠶᠢᠬᠤ ᠪᠤᠯ ᠬᠠᠮᠤᠭ ᠤᠨ ᠴᠢᠬᠤᠯᠠ᠃  ᠠᠵᠢᠯᠳᠠᠳ ᠤᠨ ᠢᠶᠠᠨ ᠭᠤᠶᠤᠯᠠᠬᠤ ᠮᠡᠷᠬᠡᠵᠢᠯ ᠴᠢᠳᠠᠪᠤᠷᠢ ᠰᠠᠶᠢᠨ ᠪᠠᠶᠢᠬᠤ ᠶᠢ ᠱᠠᠭᠠᠷᠳᠠᠳᠠᠭ ᠮᠦᠷᠳᠡᠬᠡᠨ  ᠬᠠᠯᠠᠭᠤᠮᠰᠤᠭ ᠳᠤᠳᠤᠨᠤ ᠦᠢᠯᠡᠴᠢᠯᠡᠬᠡᠨ ᠤ ᠤᠪᠤᠷ ᠢ ᠪᠠᠷᠢᠮᠳᠠᠯᠠᠬᠤ ᠶᠢ ᠬᠢᠴᠢᠶᠡᠳᠡᠭ᠃ ᠡᠩᠨᠡᠬᠡᠨ ᠤ ᠪᠠᠨ ᠬᠠᠮᠳᠤᠷᠠᠨ  ᠠᠵᠢᠯᠯᠠᠬᠤ ᠴᠢᠳᠠᠪᠤᠷᠢ ᠶᠢ ᠳᠡᠭᠡᠭᠰᠢᠯᠡᠬᠦᠯᠵᠤ᠂ ᠳᠤᠮᠤ ᠶᠡᠭᠡ ᠦᠳᠡᠰᠢᠯᠡᠭᠡ ᠳᠤᠭᠯᠠᠯᠳᠠ ᠳᠤ ᠶᠠᠭᠠᠷᠠᠬᠤ ᠦᠬᠡᠢ  ᠰᠠᠨᠳᠤᠷᠬᠤ ᠦᠬᠡᠢ ᠮᠦᠷᠳᠡᠬᠡᠨ ᠦᠢᠯᠡᠴᠢᠯᠡᠬᠦᠯᠦᠭᠴᠢ ᠵᠤᠴᠢᠳ ᠤᠨ ᠢᠶᠠᠨ ᠰᠠᠨᠠᠭᠠᠨ ᠳᠤ ᠬᠦᠷᠳᠡᠯ᠎ᠡ ᠪᠤᠳᠤᠵᠤ ᠵᠢᠷᠤᠵᠤ  ᠴᠢᠳᠠᠬᠤ ᠮᠡᠷᠬᠡᠵᠢᠯ ᠤᠨ ᠪᠠ ᠰᠡᠳᠬᠢᠴᠡ ᠶᠢᠨ ᠴᠢᠳᠠᠪᠤᠷᠢ ᠲᠠᠢ ᠪᠠᠶᠢᠬᠤ ᠪᠤᠯ ᠳᠤᠩ ᠴᠢᠬᠤᠯᠠ︾ ᠬᠡᠵᠤ ᠤᠳᠤᠨ  ᠠᠵᠢᠯ ᠤᠨ ᠢᠶᠠᠨ ᠳᠤᠬᠠᠢ ᠤᠯᠤᠯᠳᠠ ᠳᠤᠷᠰᠢᠯᠭ᠎ᠠ ᠪᠠᠨ ᠳᠡᠯᠬᠡᠨ᠎ᠡ᠃         ᠭᠤᠸ᠎ᠠ ᠦᠵᠡᠰᠬᠦᠯᠡᠩ ᠬᠡᠳᠡᠭ ᠪᠤᠯ ᠡᠮᠡᠭᠳᠡᠢ ᠬᠦᠮᠦᠨ ᠳᠤ ᠤᠨᠴᠠ ᠪᠠᠶᠢᠳᠠᠭ ᠭᠠᠯᠪᠢᠷ ᠳᠦᠷᠬᠦ ᠮᠦᠨ᠃  ᠭᠤᠸ᠎ᠠ ᠦᠵᠡᠰᠬᠦᠯᠡᠩ ᠤᠨ ᠡᠯᠴᠢ ᠪᠤᠯᠵᠤ ᠭᠤᠶᠤ ᠰᠠᠶᠢᠬᠠᠨ ᠤ ᠮᠡᠳᠡᠯᠬᠡ ᠳᠦᠬᠡᠬᠡᠵᠤ ᠶᠠᠪᠤᠭ᠎ᠠ ᠤᠳᠤᠨ ᠳᠤ ᠠᠵᠢᠯ  ᠦᠢᠯᠡᠰ ᠤᠨ ᠦᠨᠳᠦᠷ ᠠᠮᠵᠢᠯᠳᠠ ᠬᠦᠰᠡᠶ᠎ᠡ᠃  
 
ᠢᠷᠡᠯᠲᠡ᠄ ᠬᠦᠯᠦᠨ ᠪᠣᠶᠢᠷ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号