ᠳᠤᠷᠵᠢ ᠶᠢᠨ ᠵᠠᠮᠢᠶᠠᠨ᠄ ᠺᠢᠨᠣ᠋ — ᠦᠪᠡᠷ ᠢ ᠪᠠᠨ ᠰᠤᠷᠢᠬᠤ ᠪᠤᠯᠤᠮᠵᠢ
ᠨᠡᠶᠢᠲᠡᠯᠡᠭᠰᠡᠨ ᠴᠠᠭ᠄
2019/5/29
            ᠵᠣᠬᠢᠶᠠᠭᠴᠢ᠄  ᠬᠤᠪᠢᠳᠤ       ᠺᠢᠨᠣ᠋ ᠤᠳᠤᠷᠢᠳᠤᠭᠠᠴᠢ᠂ ᠺᠢᠨᠣ᠋ ᠤᠷᠠᠨ ᠪᠦᠲᠦᠬᠡᠯ ᠪᠤᠯ ᠮᠠᠰᠢ ᠰᠠᠶᠢᠬᠠᠨ ᠠᠵᠢᠯ ᠮᠡᠷᠬᠡᠵᠢᠯ ᠪᠤᠯᠬᠤ ᠮᠦᠷᠳᠡᠬᠡᠨ ᠤᠳᠤᠬᠠᠨ ᠤ ᠨᠡᠶᠢᠬᠡᠮ ᠳᠤ ᠬᠦᠮᠦᠰ ᠢ ᠮᠠᠰᠢ ᠶᠡᠭᠡ ᠳᠠᠳᠠᠬᠤ ᠬᠦᠴᠦᠨ ᠲᠠᠢ ᠪᠠᠶᠢᠳᠠᠭ᠃             ᠤᠳᠤ ᠬᠦᠬᠡᠬᠤᠳᠠ ᠳᠤ ᠺᠢᠨᠣ᠋ ᠤᠳᠤᠷᠢᠳᠤᠭᠠᠴᠢ ᠶᠢᠨ ᠮᠡᠷᠬᠡᠵᠢᠯ ᠰᠤᠷᠬᠤ ᠬᠡᠰᠡᠨ ᠵᠠᠯᠠᠭᠤᠰ ᠲᠤ  ᠬᠠᠨᠳᠤᠭᠤᠯᠤᠭᠰᠠᠨ ᠬᠢᠴᠢᠶᠡᠯ ᠤᠷᠤᠵᠤ ᠶᠠᠪᠤᠭ᠎ᠠ ᠮᠤᠩᠭᠤᠯ ᠤᠯᠤᠰ ᠤᠨ ᠢᠷᠬᠡᠨ ᠳᠤᠷᠵᠢ ᠶᠢᠨ ᠵᠠᠮᠢᠶᠠᠨ ᠠᠴᠠ  ᠰᠤᠷᠪᠤᠯᠵᠢᠯᠠᠭᠴᠢ ᠳᠡᠬᠦᠨ ᠤ ᠠᠵᠢᠯ ᠮᠡᠷᠬᠡᠵᠢᠯ ᠤᠨ ᠤᠨᠴᠠᠭᠠᠢ ᠦᠡᠭᠭᠡᠷᠡᠯᠳᠡ ᠪᠠ ᠰᠤᠷᠤᠯᠴᠠᠭᠰᠠᠨ ᠳᠤᠰᠬᠠᠢ  ᠮᠡᠷᠬᠡᠵᠢᠯ ᠤᠨ ᠬᠢᠨᠢ ᠳᠤᠷᠰᠢᠯᠭ᠎ᠠ ᠶᠢᠨ ᠳᠠᠯ᠎ᠠ ᠪᠠᠷ ᠰᠤᠨᠢᠷᠬᠠᠨ ᠮᠤᠩᠭᠤᠯ ᠺᠢᠨᠣ᠋ ᠤᠳᠤᠷᠢᠳᠤᠭᠠᠴᠢ ᠪᠤᠯᠬᠤ ᠬᠦᠰᠡᠯ ᠲᠠᠢ  ᠂ ᠮᠤᠩᠭᠤᠯ ᠺᠢᠨᠣ᠋ ᠤᠷᠠᠨ ᠪᠦᠲᠦᠬᠡᠯ ᠳᠤ ᠰᠤᠨᠢᠷᠬᠠᠯ ᠲᠠᠢ ᠵᠠᠯᠠᠭᠤᠰ ᠲᠤ ᠵᠤᠷᠢᠭᠤᠯᠵᠤ ᠳᠦᠬᠦᠮ ᠶᠠᠷᠢᠯᠴᠠᠯᠭ᠎ᠠ  ᠠᠪᠤᠭᠰᠠᠨ ᠶᠤᠮ᠃             ᠳᠤᠷᠵᠢ ᠶᠢᠨ ᠵᠠᠮᠢᠶᠠᠨ 1947 ᠤᠨ ᠳᠤ ᠮᠤᠩᠭᠤᠯ ᠤᠯᠤᠰ ᠤᠨ ᠤᠯᠠᠭᠠᠨᠪᠠᠭᠠᠳᠤᠷ ᠬᠤᠳᠠ ᠳᠤ ᠳᠦᠷᠦᠵᠡᠢ᠃ 2007 ᠤᠨ ᠳᠤ ᠦᠪᠦᠷ ᠮᠤᠩᠭᠤᠯ ᠤᠨ ᠳ᠋ᠦᠩ ᠹᠠᠩ ᠺᠢᠨᠣ᠋ ᠤᠷᠠᠯᠢᠭ ᠤᠨ ᠳᠤᠰᠬᠠᠢ ᠮᠡᠷᠬᠡᠵᠢᠯ ᠤᠨ ᠳᠡᠭᠡᠳᠤ  ᠰᠤᠷᠭᠠᠭᠤᠯᠢ ᠶᠢᠨ ᠤᠷᠢᠯᠭ᠎ᠠ ᠪᠠᠷ ᠬᠦᠬᠡᠬᠤᠳᠠ ᠳᠤ ᠢᠷᠠᠵᠤ ᠠᠵᠢᠯᠯᠠᠵᠤ ᠠᠮᠢᠳᠤᠷᠠᠭᠠᠳ 12 ᠵᠢᠯ ᠪᠤᠯᠵᠤ ᠪᠠᠶᠢᠨ᠎ᠠ᠃  ᠳᠡᠷᠡ ᠪᠠᠷ ᠤᠤᠯ ᠤᠨ ᠵᠦᠪᠯᠡᠯᠳᠤ ᠬᠤᠯᠪᠤᠭᠠᠳᠤ ᠤᠯᠤᠰ ᠤᠨ ᠪᠦᠬᠦ ᠬᠤᠯᠪᠤᠭᠠᠳᠤ ᠶᠢᠨ ᠺᠢᠨᠣ᠋ ᠤᠷᠠᠯᠢᠭ ᠤᠨ ᠳᠡᠭᠡᠳᠤ  ᠰᠤᠷᠭᠠᠭᠤᠯᠢ ︵ᠮᠤᠰᠺᠸᠠ ᠶᠢᠨ ᠺᠢᠨᠣ᠋ ᠤᠷᠠᠯᠢᠭ ᠤᠨ ᠰᠤᠷᠭᠠᠭᠤᠯᠢ︶ ᠠᠴᠠ ᠺᠢᠨᠣ᠋ ᠤᠳᠤᠷᠢᠳᠤᠭᠠᠴᠢ ᠶᠢᠨ  ᠮᠡᠷᠬᠡᠵᠢᠯ ᠢᠶᠠᠷ ᠳᠡᠬᠦᠰᠴᠡᠢ᠃ ᠵᠠᠮᠢᠶᠠᠨ ᠭᠧᠷᠮᠠᠨ ᠤᠯᠤᠰ ᠤᠨ ᠯᠠᠢ ᠪᠢ ᠰᠢ ᠺᠢᠨᠣ᠋ ᠤᠷᠠᠯᠢᠭ ᠤᠨ ᠨᠠᠶᠢᠷ ᠲᠤ ᠳᠦᠷᠪᠡ  ᠤᠳᠠᠭ᠎ᠠ ᠤᠷᠤᠯᠴᠠᠵᠤ ᠱᠠᠩᠨᠠᠯ ᠬᠦᠷᠳᠡᠵᠤ ᠪᠠᠶᠢᠭᠰᠠᠨ ᠪᠦᠬᠡᠳ ᠮᠤᠩᠭᠤᠯ ᠤᠯᠤᠰ ᠤᠨ ᠪᠠᠷᠢᠮᠳᠠᠳᠤ ᠺᠢᠨᠣ᠋  ᠤᠷᠠᠯᠢᠭ ᠤᠨ ᠨᠠᠶᠢᠷ ᠲᠤ ᠰᠢᠯᠢᠳᠡᠭ ᠺᠢᠨᠣ᠋᠂ ᠰᠢᠯᠢᠳᠡᠭ ᠨᠠᠶᠢᠷᠠᠭᠤᠯᠤᠨ ᠤᠳᠤᠷᠢᠳᠤᠭᠠᠴᠢ ᠶᠢᠨ ᠱᠠᠩᠨᠠᠯ ᠢ ᠤᠯᠠᠨᠳᠠ  ᠬᠦᠷᠳᠡᠪᠡ᠃ 1992 ᠤᠨ ᠳᠤ ᠺᠠᠷᠮᠸᠢᠢᠺ ᠪᠦᠬᠦᠳᠡ ᠨᠠᠶᠢᠷᠠᠮᠳᠠᠬᠤ ᠤᠯᠤᠰ ᠤᠨ ᠵᠠᠰᠠᠭ ᠤᠨ ᠤᠷᠳᠤᠨ ᠤ  ᠤᠷᠢᠯᠭ᠎ᠠ ᠪᠠᠷ ᠺᠠᠷᠮᠸᠢᠢᠺ ᠤᠯᠤᠰ ᠲᠤ ᠬᠦᠷᠴᠤ ᠪᠠᠷᠢᠮᠳᠠᠳᠤ ᠹᠢᠯᠢᠮ ᠵᠤᠬᠢᠶᠠᠨ ᠦᠢᠯᠡᠳᠬᠦ ᠠᠵᠢᠯ ᠢ ᠭᠠᠷᠳᠠᠨ ᠬᠢᠵᠡᠢ᠂  ᠡᠬᠦᠨ ᠠᠴᠠ ᠡᠬᠢᠯᠡᠨ ᠪᠠᠷᠠᠭᠤᠨ ᠡᠸᠦ᠋ᠷᠤᠫᠠ ᠪᠠ ᠤᠮᠠᠷᠠᠳᠤ ᠠᠹᠷᠢᠺᠠ ᠶᠢᠨ ᠤᠯᠤᠰ ᠤᠷᠤᠨ ᠳᠤ ᠴᠢᠯᠦᠬᠡᠳᠤ  ᠤᠷᠠᠯᠢᠭᠴᠢᠨ ᠢᠶᠠᠷ ᠪᠠᠷᠢᠮᠳᠠᠳᠤ ᠹᠢᠯᠢᠮ ᠵᠤᠬᠢᠶᠠᠨ ᠪᠦᠲᠦᠬᠡᠬᠦ᠂ ᠨᠠᠶᠢᠷᠠᠭᠤᠯᠬᠤ ᠠᠵᠢᠯ ᠢ 2006 ᠤᠨ ᠪᠤᠯᠳᠠᠯ᠎ᠠ  ᠬᠢᠵᠤ ᠢᠷᠡᠪᠡ᠃           2007 ᠤᠨ ᠠᠴᠠ ᠬᠦᠬᠡᠬᠤᠳᠠ ᠳᠤ ᠠᠵᠢᠯᠯᠠᠵᠤ ᠠᠮᠢᠳᠤᠷᠠᠬᠤ ᠶᠠᠪᠤᠴᠠ ᠳᠠᠭᠠᠨ ᠦᠪᠦᠷ ᠮᠤᠩᠭᠤᠯ ᠤᠨ  ᠮᠤᠩᠭᠤᠯ ᠤᠳᠤᠨ ᠲᠧᠯᠸᠢᠰ ᠲᠠᠢ ᠬᠠᠮᠳᠤᠷᠠᠨ ᠠᠷᠪᠠ ᠭᠠᠷᠤᠢ ᠬᠤᠭᠤᠴᠠᠭᠠᠨ ᠤ ᠰᠢᠷᠢᠰ ᠨᠡᠪᠳᠡᠷᠡᠬᠦᠯᠬᠡ ᠶᠢ  ᠦᠢᠯᠡᠳᠴᠡᠢ᠃ ᠡᠬᠦᠨ ᠳᠤ ︽ᠰᠠᠮᠪᠠᠷ᠎ᠠ ᠶᠢᠨ ᠰᠤᠨᠢᠨ︾ ᠳᠡᠯᠬᠡᠴᠡ᠂ ︽ᠨᠠᠳᠠᠳᠤ ᠶᠠᠷᠢᠬᠤ ᠶᠠᠭᠤᠮ᠎ᠠ ᠪᠠᠶᠢᠨ᠎ᠠ︾ ᠳᠡᠯᠭᠡᠴᠡ ᠵᠡᠷᠬᠡ ᠳᠤ ᠤᠳᠤᠷᠢᠳᠤᠭᠠᠴᠢ᠂ ᠤᠷᠠᠯᠢᠭ ᠯᠠᠪᠯᠠᠯᠳᠠ ᠶᠢᠨ ᠮᠡᠷᠬᠡᠵᠢᠯᠳᠡᠨ ᠢᠶᠠᠷ ᠠᠵᠢᠯᠯᠠᠵᠠᠢ᠃ ᠤᠷᠳᠤᠰ ᠤᠨ  ᠦᠤᠰᠢᠨ ᠬᠤᠰᠢᠭᠤᠨ ᠤ ᠤᠯᠠᠭᠠᠨᠮᠦ᠋ᠴᠢᠷ ᠤᠨ ᠳᠠᠭᠤᠯᠠᠯᠳᠤ ᠵᠦᠴᠦᠬᠡ ︽ᠬᠠᠷ᠎ᠠ ᠳᠤᠷᠭᠠᠨ ᠬᠠᠨᠵᠢᠶᠠᠷ︾᠂ ᠴᠠᠬᠠᠷ  ᠪᠠᠷᠠᠭᠤᠨ ᠭᠠᠷᠤᠨ ᠬᠤᠶᠢᠳᠤ ᠬᠤᠰᠢᠭᠤᠨ ᠤ ︽ᠪᠠᠭᠠᠳᠤᠷᠯᠢᠭ ᠴᠠᠬᠠᠷᠴᠤᠳ︾᠂ ᠠᠯᠠᠱᠠ ᠪᠠᠷᠠᠭᠤᠨ ᠬᠤᠰᠢᠭᠤᠨ ᠤ ︽ᠪᠠᠳᠠᠢ ᠶᠢᠨ ᠵᠢᠷᠠᠨ ᠤ ᠳᠤᠮᠤᠭ︾ ᠵᠡᠷᠭᠡ ᠤᠯᠠᠭᠠᠨᠮᠦ᠋ᠴᠢᠷ ᠲᠤ ᠳᠠᠯᠪᠢᠭᠰᠠᠨ ᠳᠢᠶᠠᠲᠷ ᠤᠨ ᠵᠦᠴᠤᠭᠡ ᠨᠦᠭᠦᠳ ᠲᠤ  ᠵᠦᠴᠦᠬᠡᠯᠡᠬᠦ ᠤᠷᠠᠯᠢᠭ ᠤᠨ ᠵᠢᠯᠤᠭᠤᠳᠤᠭᠴᠢ ᠪᠠᠷ ᠠᠵᠢᠯᠯᠠᠵᠤ ᠦᠡᠭᠭᠡᠷᠡᠪᠡ᠃ 2008 ᠤᠨ ᠳᠤ ᠶᠡᠭᠡ ᠳᠡᠭᠡᠳᠤ  ᠰᠤᠷᠭᠠᠭᠤᠯᠢ ᠶᠢᠨ ᠤᠶᠤᠳᠠᠳ ᠤᠨ ᠲᠢᠶᠠᠳ᠋ᠷ ᠤᠨ ︽ᠠᠯᠳᠠᠨ ᠴᠡᠴᠡᠭ︾ ᠨᠡᠷᠡᠮᠵᠢᠳᠤ ᠺᠢᠨᠣ᠋ ᠤᠷᠠᠯᠢᠭ ᠤᠨ ᠨᠠᠶᠢᠷ ᠤᠨ ᠰᠢᠯᠢᠳᠡᠭ ᠨᠠᠶᠢᠷᠠᠭᠤᠯᠤᠨ ᠤᠳᠤᠷᠢᠳᠤᠭᠠᠴᠢ ᠶᠢᠨ ᠱᠠᠩᠨᠠᠯ ᠢ ᠬᠦᠷᠳᠡᠵᠡᠢ᠃           ᠵᠠᠮᠢᠶᠠᠨ ᠭᠤᠸᠠᠢ ᠤᠳᠤ ᠬᠦᠬᠡᠬᠤᠳᠠ ᠳᠤ ᠤᠳᠤᠷᠢᠳᠤᠭᠠᠴᠢ ᠶᠢᠨ ᠮᠡᠷᠬᠡᠵᠢᠯ᠂ ᠵᠦᠴᠦᠬᠡᠯᠡᠬᠦ ᠮᠡᠷᠬᠡᠵᠢᠯ᠂  ᠨᠡᠪᠳᠡᠷᠡᠬᠦᠯᠦᠭᠴᠢ ᠬᠦᠲᠦᠯᠦᠭᠴᠢ ᠶᠢᠨ ᠮᠡᠷᠬᠡᠵᠢᠯ᠂ ᠺᠢᠷᠢᠯ ᠦᠰᠦᠭ ᠪᠠ ᠤᠷᠤᠰ ᠬᠡᠯᠡᠨ ᠤ ᠰᠤᠷᠭᠠᠯᠳᠠ ᠪᠠᠷ ᠡᠳᠡᠭᠡᠷ  ᠮᠡᠷᠬᠡᠵᠢᠯ ᠢ ᠰᠤᠷᠬᠤ ᠬᠦᠰᠡᠯ ᠲᠠᠢ ᠬᠦᠮᠦᠰ ᠲᠤ ᠨᠢᠬᠡ ᠬᠠᠷᠢᠴᠠᠬᠤ ᠨᠢᠬᠡ ᠶᠢᠨ ᠬᠠᠷᠠᠭᠠᠯᠵᠠᠭᠰᠠᠨ ᠬᠢᠴᠢᠶᠡᠯᠯᠡᠭᠡ ᠬᠢᠵᠤ  ᠪᠤᠢ᠃             ᠵᠠᠮᠢᠶᠠᠨ ᠪᠠᠭᠰᠢ ᠠᠴᠠ ᠺᠢᠨᠣ᠋ ᠤᠷᠠᠨ ᠪᠦᠲᠦᠬᠡᠯ ᠤᠷᠤᠯᠳᠤᠶ᠎ᠠ ᠬᠡᠰᠡᠨ ᠬᠦᠮᠦᠰ ᠲᠤ ᠬᠠᠨᠳᠤᠭᠤᠯᠵᠤ ᠶᠠᠷᠢᠭᠰᠠᠨ  ᠨᠨᠨᠳᠢᠨ ᠵᠠᠬᠢᠶ᠎ᠠ ᠳᠤᠤᠷᠠᠬᠢ ᠮᠡᠳᠤ᠄           ᠨᠢᠬᠡ ᠳᠤ᠂ ᠠᠪᠢᠶᠠᠰ ᠲᠠᠢ ᠪᠠᠶᠢᠬᠤ ᠬᠡᠷᠡᠭᠳᠡᠢ᠃           ᠳᠡᠷᠠᠭ᠎ᠠ ᠨᠢ᠂ ᠮᠡᠷᠬᠡᠵᠢᠯ ᠳᠡᠭᠡᠨ ᠳᠤᠷᠠᠳᠠᠢ ᠪᠠᠶᠢᠬᠤ ᠬᠡᠷᠡᠭᠳᠡᠢ᠃           ᠭᠤᠷᠪᠠ ᠳᠤ᠂ ᠤᠷᠠᠯᠢᠭ ᠤᠨ ᠳᠠᠯ᠎ᠠ ᠶᠢᠨ ᠶᠡᠬᠡᠨᠭᠭᠢ ᠮᠡᠳᠡᠯᠬᠡ ᠨᠦᠭᠦᠳ ᠢ ᠡᠵᠡᠮᠰᠢᠭᠰᠡᠨ ᠪᠠᠶᠢᠬᠤ ᠬᠡᠷᠡᠭᠳᠡᠢ᠃  ᠤᠷᠠᠨ ᠵᠤᠬᠢᠶᠠᠯ᠂ ᠳᠡᠤᠬᠡ᠂ ᠭᠤᠸ᠎ᠠ ᠵᠦᠢ᠂ ᠳᠦᠷᠰᠦᠯᠡᠬᠦ ᠤᠷᠠᠯᠢᠬ ᠤᠨ ᠳᠠᠯ᠎ᠠ ᠪᠠᠷ ᠬᠢ ᠮᠡᠳᠡᠯᠬᠡ ᠶᠢ ᠡᠵᠡᠮᠰᠢᠭᠰᠡᠨ  ᠪᠠᠶᠢᠬᠤ ᠬᠡᠷᠡᠭᠳᠡᠢ᠃ ᠳᠦᠷᠰᠦᠯᠡᠬᠦ ᠤᠷᠠᠯᠢᠭ ᠲᠤ ᠱᠤᠭᠤᠮᠠᠯ᠂ ᠪᠠᠷᠢᠮᠠᠯ᠂ ᠤᠷᠠᠨ ᠵᠢᠷᠤᠭ᠂ ᠤᠷᠠᠨ ᠪᠠᠷᠢᠯᠭ᠎ᠠ  ᠪᠠᠭᠳᠠᠬᠤ ᠪᠠᠷ ᠪᠠᠷᠠᠬᠤ ᠦᠬᠡᠢ ᠪᠠᠰᠠ ᠰᠤᠩᠭᠤᠳᠠᠭ ᠬᠦᠭᠵᠢᠮ ᠤᠨ ᠮᠡᠳᠡᠯᠬᠡ ᠪᠠᠭᠳᠠᠳᠠᠭ᠃ ᠳᠦᠷᠪᠡ᠂ ᠴᠢᠯᠦᠬᠡᠳᠡᠢ᠂ ᠦᠷᠬᠡᠨ ᠢᠶᠠᠷ ᠰᠡᠳᠬᠢᠳᠡᠭ ᠪᠠᠶᠢᠬᠤ ᠬᠡᠷᠡᠭᠳᠡᠢ᠃           ᠡᠳᠡᠭᠡᠷ ᠨᠦᠬᠦᠴᠡᠯ ᠤᠳ ᠢ ᠪᠦᠷᠢᠯᠳᠦᠬᠦᠯᠵᠤ ᠪᠠᠶᠢᠮᠠᠨ ᠰᠠᠶᠢᠨ ᠤᠳᠤᠷᠢᠳᠤᠭᠠᠴᠢ ᠪᠤᠯᠳᠠᠭ᠃ ᠮᠦᠨ ᠴᠤ  ᠤᠯᠠᠨ ᠤ ᠰᠤᠨᠢᠷᠬᠠᠯ ᠳᠠᠳᠠᠭᠰᠠᠨ ᠤᠷᠠᠨ ᠪᠦᠲᠦᠬᠡᠯ ᠢ ᠰᠡᠳᠬᠢᠵᠤ᠂ ᠪᠤᠳᠤᠵᠤ᠂ ᠳᠤᠭᠤᠷᠪᠢᠵᠤ ᠴᠢᠳᠠᠳᠠᠬ ᠭᠡᠵᠤ  ᠵᠠᠬᠢᠭᠰᠠᠨ ᠪᠠᠶᠢᠨ᠎ᠠ᠃           ᠳᠡᠷᠡ ᠪᠠᠰᠠ ᠶᠠᠷᠢᠬᠤ ᠳᠠᠭᠠᠨ᠂ ᠺᠢᠨᠣ᠋ ᠤᠳᠤᠷᠢᠳᠤᠭᠠᠴᠢ ᠬᠦᠮᠦᠰ ᠬᠡᠳᠡᠭ ᠪᠤᠯ ᠦᠷᠬᠡᠨ ᠮᠡᠳᠡᠯᠬᠡ ᠲᠠᠢ᠂  ᠤᠬᠠᠭᠠᠨ ᠲᠠᠢ᠂ ᠬᠦᠳᠡᠯᠮᠦᠷᠢᠴᠢ ᠬᠦᠮᠦᠰ ᠪᠠᠶᠢᠳᠠᠭ᠃ ᠶᠡᠷᠦ ᠨᠢ ᠤᠷᠠᠨ ᠪᠦᠲᠦᠬᠡᠯ ᠤᠨ ᠮᠡᠷᠬᠡᠵᠢᠯ ᠬᠡᠳᠡᠭ ᠪᠤᠯ ᠶᠡᠭᠡ  ᠬᠡᠴᠡᠬᠦᠦ ᠮᠡᠷᠬᠡᠵᠢᠯ ᠰᠢᠤ᠃ ᠶᠡᠬᠡᠨᠭᠬᠢ ᠬᠦᠮᠦᠰ ᠴᠢᠷᠠᠢ ᠵᠢᠰᠤ ᠰᠠᠶᠢᠬᠠᠨ ᠪᠤᠯ ᠵᠦᠴᠦᠬᠡᠴᠢᠨ ᠪᠤᠯᠬᠤ ᠳᠤ ᠠᠮᠠᠷᠬᠠᠨ  ᠬᠡᠵᠤ ᠪᠤᠳᠤᠳᠠᠭ᠃ ᠬᠡᠬᠦ ᠳᠡᠭᠡᠨ ᠢᠡᠭᠭᠢᠵᠤ ᠪᠤᠳᠤᠬᠤ ᠰᠢᠭ᠋ ᠬᠤᠳᠠᠯ ᠵᠦᠢᠯ ᠶᠡᠷᠦ ᠪᠠᠶᠢᠳᠠᠭ ᠦᠬᠡᠢ ᠶᠤᠮ᠃  ᠬᠠᠮᠤᠭ ᠤᠨ ᠭᠤᠤᠯ ᠨᠢ ᠡᠨᠡ ᠠᠵᠢᠯ ᠳᠠᠭᠠᠨ ᠮᠠᠰᠢ ᠶᠡᠭᠡ ᠳᠤᠷᠠᠳᠠᠢ ᠪᠠᠶᠢᠬᠤ ᠬᠡᠷᠡᠭᠳᠡᠢ᠃ ᠦᠪᠡᠷ ᠢ ᠪᠠᠨ ᠵᠤᠷᠢᠭᠤᠯᠵᠤ  ᠴᠢᠳᠠᠳᠠᠭ᠂ ᠰᠡᠳᠬᠢᠯ ᠢᠶᠠᠷ ᠢᠶᠠᠨ ᠰᠢᠳᠠᠵᠤ ᠴᠢᠳᠠᠳᠠᠭ᠃ ᠡᠶᠢᠮᠦ ᠯᠡ ᠬᠦᠮᠦᠨ ᠠᠴᠠ ᠰᠠᠶᠢᠨ ᠤᠷᠠᠨ ᠪᠦᠲᠦᠬᠡᠯ  ᠭᠠᠷᠳᠠᠭ ᠶᠤᠮ ᠰᠢᠤ ᠭᠡᠯ᠎ᠠ᠃          ᠠᠯᠢ ᠪᠤᠯᠬᠤ ᠪᠠᠷ ᠴᠦᠬᠡᠨ ᠬᠦᠮᠦᠨ ᠳᠤ ᠭᠠᠭᠴᠠᠭᠠᠷᠴᠢᠯᠠᠵᠤ ᠵᠢᠭᠠᠬᠤ ᠪᠠᠷ ᠭᠤᠤᠯ ᠪᠤᠯᠭᠠᠭᠰᠠᠨ ᠵᠠᠮᠢᠶᠠᠨ ᠪᠠᠭᠰᠢ ᠶᠢᠨ ᠬᠢᠴᠢᠶᠡᠯᠯᠡᠬᠦ ᠠᠷᠭ᠎ᠠ ᠮᠠᠶ᠋ᠢᠭ ᠨᠢ ᠮᠦᠨ ᠴᠤ ᠺᠢᠨᠣ᠋ ᠤᠷᠠᠯᠢᠭ ᠲᠤ ᠪᠠᠬ᠎ᠠ ᠲᠠᠢ᠂ ᠺᠢᠨᠣ᠋ ᠤᠳᠤᠷᠢᠳᠤᠭᠠᠴᠢ  ᠪᠤᠯᠬᠤ ᠬᠦᠰᠡᠯ ᠲᠠᠢ ᠬᠦᠮᠦᠰ ᠢ ᠬᠠᠷᠠᠯᠳᠠ ᠲᠠᠢ᠂ ᠴᠢᠨᠠᠷ ᠲᠠᠢ ᠬᠦᠮᠦᠵᠢᠬᠦᠯᠬᠦ ᠬᠡᠰᠡᠨ ᠳᠤᠰᠬᠠᠢ ᠵᠤᠷᠢᠭᠤᠯᠤᠯᠳᠠ ᠲᠠᠢ  ᠪᠠᠶᠢᠭᠰᠠᠨ ᠪᠤᠯᠪᠠᠤ᠂ ᠬᠡᠷᠪᠡ ᠳᠠ ᠤᠳᠤᠷᠢᠳᠤᠭᠠᠴᠢ ᠪᠤᠯᠬᠤ ᠬᠦᠰᠡᠯ ᠲᠠᠢ᠂ ᠳᠠᠶᠢᠰᠠᠨ ᠳᠤ ᠳᠤᠭᠯᠠᠬᠤ  ᠮᠦᠷᠦᠬᠡᠳᠦᠯ ᠲᠠᠢ᠂ ᠭᠠᠳᠠᠭᠠᠳᠤ ᠳᠤ ᠭᠠᠷᠬᠤ ᠰᠤᠨᠢᠷᠬᠠᠯ ᠲᠠᠢ ᠪᠤᠯ ᠦᠷᠬᠡᠨ ᠮᠡᠳᠡᠯᠬᠡ ᠲᠠᠢ᠂ ᠦᠯᠡᠮᠵᠢ  ᠳᠤᠷᠰᠢᠯᠭ᠎ᠠ ᠲᠠᠢ ᠵᠠᠮᠢᠶᠠᠨ ᠪᠠᠭᠰᠢ ᠳᠠᠨ ᠤ ᠵᠦᠢᠳᠡᠢ ᠰᠤᠩᠭᠤᠯᠳᠠ ᠪᠠᠶᠢᠬᠤ ᠴᠤ ᠶᠤᠮ ᠪᠢᠯᠡ ᠤᠤ᠃ ᠵᠠᠮᠢᠶᠠᠨ  ᠪᠠᠭᠰᠢ ᠶᠢᠨ ᠠᠵᠢᠯ ᠠᠮᠢᠳᠤᠷᠠᠯ ᠳᠤᠨᠢ ᠤᠯᠠᠮ ᠶᠡᠭᠡ ᠠᠮᠵᠢᠯᠳᠠ ᠬᠦᠰᠡᠶ᠎ᠡ︕    
 
ᠢᠷᠡᠯᠲᠡ᠄ ᠬᠦᠯᠦᠨ ᠪᠣᠶᠢᠷ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号