ᠦᠷᠡᠰ ᠭᠠᠭ᠋ᠠᠢ ᠤᠷᠤᠭᠤᠯᠵᠤ ᠢᠷᠡᠬᠦ ᠵᠠᠷᠴᠢᠮ ᠪᠠ ᠠᠷᠭ᠎ᠠ ᠬᠡᠮᠵᠢᠶ᠎ᠡ ︵ᠬᠤᠶᠠᠷ︶
ᠨᠡᠶᠢᠲᠡᠯᠡᠭᠰᠡᠨ ᠴᠠᠭ᠄
2020/4/13
   ᠤᠷᠤᠭᠤᠯᠵᠤ ᠢᠷᠡᠭᠰᠡᠨ ᠦᠷᠡᠰ ᠭᠠᠭ᠋ᠠᠢ ᠶᠢ ᠲᠦᠷᠦᠯ ᠬᠤᠪᠢᠶᠠᠬᠤ ᠪᠠ ᠬᠡᠷᠡᠭᠡᠯᠡᠬᠦ ︵ᠨᠢᠭᠡ︶ ᠤᠷᠤᠭᠤᠯᠵᠤ ᠢᠷᠡᠭᠰᠡᠨ ᠦᠷᠡᠰ ᠭᠠᠭ᠋ᠠᠢ ᠶᠢ ᠲᠦᠷᠦᠯ ᠬᠤᠪᠢᠶᠠᠬᠤ ᠤᠷᠤᠭᠤᠯᠵᠤ ᠢᠷᠡᠭᠰᠡᠨ ᠦᠷᠡᠰ ᠭᠠᠭ᠋ᠠᠢ ᠶᠢ ᠦᠨᠳᠦᠰᠦᠨ ᠳᠡᠭᠡᠨ ᠳᠠᠩ ᠡᠭᠦᠯᠳᠡᠷ ᠤᠨ ᠦᠷᠠᠰ ᠭᠠᠭ᠋ᠠᠢ ᠪᠠ ᠪᠦᠲᠦᠨ ᠤᠳᠤᠮ ᠤᠨ ᠦᠷᠡᠰ ᠭᠠᠭ᠋ᠠᠢ ᠭᠡᠵᠦ ᠬᠤᠪᠢᠶᠠᠨ᠎ᠠ᠃ ᠳᠠᠩ ᠡᠭᠦᠯᠳᠡᠷ ᠤᠨ ᠦᠷᠡᠰ ᠭᠠᠭ᠋ᠠᠢ ᠶᠢ ᠴᠡᠪᠡᠷ ᠦᠷᠡᠰ ᠭᠠᠭ᠋ᠠᠢ᠂ ᠡᠷᠯᠢᠰᠡ ᠭᠠᠭ᠋ᠠᠢ ᠭᠡᠵᠦ ᠬᠤᠪᠢᠶᠠᠨ᠎ᠠ᠃ ᠪᠦᠲᠦᠨ ᠡᠭᠦᠯᠳᠡᠷ ᠤᠨ ᠭᠠᠭ᠋ᠠᠢ ᠶᠢ ᠡᠯᠳᠴᠡ ᠦᠶ᠎ᠡ᠂ ᠡᠪᠦᠭᠡ ᠶᠢᠨ ᠦᠶ᠎ᠡ᠂ ᠡᠴᠢᠭᠡ ᠡᠬᠡ ᠶᠢᠨ ᠦᠶ᠎ᠡ ᠭᠡᠵᠦ ᠬᠤᠪᠢᠶᠠᠳᠠᠭ᠃ 1᠂ ᠴᠡᠪᠡᠷ ᠡᠭᠦᠯᠳᠡᠷ ᠤᠨ ᠭᠠᠭ᠋ᠠᠢ ᠡᠭᠦᠨ ᠳᠤ ᠨᠤᠲᠤᠭ ᠤᠨ ᠡᠭᠦᠯᠳᠡᠷ ᠤᠨ ᠭᠠᠭ᠋ᠠᠢ ᠪᠣᠯᠬᠤ ᠵᠡᠭᠦᠨ ᠬᠤᠶᠢᠲᠤ ᠶᠢᠨ ᠠᠷᠠᠳ ᠤᠨ ᠭᠠᠭ᠋ᠠᠢ᠂ ᠲᠠᠢ ᠬᠤ᠋ ᠭᠠᠭ᠋ᠠᠢ ᠪᠠᠭᠲᠠᠵᠤ᠂ ᠪᠤᠶᠢᠵᠢᠭᠤᠯᠤᠭᠰᠠᠨ ᠡᠭᠦᠯᠳᠡᠷ ᠲᠤ ᠰᠠᠨᠵᠢᠶᠠᠩ ᠭᠠᠭ᠋ᠠᠢ᠂ ᠬᠤᠪᠧᠢ ᠭᠠᠭ᠋ᠠᠢ᠂ ᠰᠦ᠋ ᠲᠠᠢ ᠭᠠᠭ᠋ᠠᠢ ᠪᠠᠭᠲᠠᠨ᠎ᠠ᠃ ᠤᠷᠤᠭᠤᠯᠵᠤ ᠢᠷᠡᠭᠰᠡᠨ ᠡᠭᠦᠯᠳᠡᠷ ᠲᠤ ᠤᠷᠲᠤ ᠴᠠᠭᠠᠨ ᠭᠠᠭ᠋ᠠᠢ᠂ ᠲᠤᠮᠤ ᠴᠠᠭᠠᠨ ᠭᠠᠭ᠋ᠠᠢ᠂ ᠳ᠋ᠤᠯᠤᠸᠧᠺᠧ ᠭᠠᠭ᠋ᠠᠢ᠂ ᠫᠢᠲ᠋ᠧᠯᠡᠨ ᠭᠠᠭ᠋ᠠᠢ ᠵᠡᠷᠭᠡ ᠪᠠᠭᠲᠠᠳᠠᠭ᠃ 2᠂ ᠡᠷᠯᠢᠰᠡᠵᠢᠭᠦᠯᠦᠭᠰᠡᠨ ᠭᠠᠭ᠋ᠠᠢ ᠣᠷᠣᠭᠤᠯᠵᠣ ᠢᠷᠡᠭᠰᠡᠨ ᠬᠤᠶᠠᠷ ᠡᠭᠦᠯᠳᠡᠷ ᠤᠨ ᠭᠠᠭ᠋ᠠᠢ ᠶᠢ ᠡᠷᠯᠢᠰᠡᠵᠢᠭᠦᠯᠦᠭᠡᠳ ᠪᠤᠶᠢᠵᠢᠭᠤᠯᠤᠭᠰᠠᠨ ᠦᠷᠡᠰ ᠭᠠᠭ᠋ᠠᠢ ᠪᠤᠯᠤᠨ᠎ᠠ᠃ ᠣᠳᠣᠬᠠᠨ ᠤ ᠵᠠᠬ᠎ᠠ ᠳᠡᠯᠭᠡᠭᠦᠷ ᠲᠤ ᠪᠠᠶᠢᠭ᠎ᠠ ᠤᠷᠲᠤ ᠲᠤᠮᠤ ᠭᠠᠭ᠋ᠠᠢ ᠪᠣᠯ ᠤᠷᠲᠤ ᠴᠠᠭᠠᠨ ᠡᠭᠦᠯᠳᠡᠷ ᠤᠨ ᠠᠵᠢᠷᠭᠠᠨ ᠭᠠᠭ᠋ᠠᠢ ᠪᠠᠷ ᠲᠤᠮᠤ ᠴᠠᠭᠠᠨ ᠭᠠᠭ᠋ᠠᠢ ᠶᠢᠨ ᠮᠡᠭᠡᠵᠢ ᠶᠢ ᠬᠡᠬᠡᠯᠳᠦᠭᠦᠯᠦᠭᠡᠳ ᠭᠠᠷᠤᠭᠰᠠᠨ ᠬᠤᠶᠢᠴᠢ ᠦᠶ᠎ᠡ ᠶᠣᠮ᠃ ᠲᠤᠮᠤ ᠣᠷᠲᠣ ᠭᠠᠭ᠋ᠠᠢ ᠪᠣᠯ ᠲᠤᠮᠤ ᠴᠠᠭᠠᠨ ᠭᠠᠭ᠋ᠠᠢ ᠶᠢᠨ ᠠᠵᠢᠷᠭᠠᠨ ᠭᠠᠭ᠋ᠠᠢ ᠪᠠᠷ ᠤᠷᠲᠤ ᠴᠠᠭᠠᠨ ᠭᠠᠭ᠋ᠠᠢ ᠶᠢᠨ ᠮᠡᠭᠡᠵᠢ ᠶᠢ ᠬᠡᠬᠡᠯᠳᠦᠭᠦᠯᠦᠭᠡᠳ ᠭᠠᠷᠴᠠᠢ᠃ ᠡᠷᠯᠢᠰᠡ ᠭᠠᠭ᠋ᠠᠢ ᠶᠢ ᠪᠤᠶᠢᠵᠢᠭᠤᠯᠬᠤ    3᠂ ᠡᠯᠳᠴᠡ ᠶᠢᠨ ᠦᠶ᠎ᠡ    ᠡᠨᠡ ᠨᠢ ᠪᠦᠲᠦᠨ ᠤᠳᠤᠮ ᠤᠨ ᠡᠭᠦᠯᠳᠡᠷ ᠲᠤ ᠪᠠᠭᠲᠠᠨ᠎ᠠ᠃ ᠳᠠᠷᠤᠢ ᠪᠦᠲᠦᠨ ᠤᠳᠤᠮ ᠤᠨ ᠳᠤᠲᠤᠷᠠᠬᠢ    ᠬᠠᠮᠤᠭ ᠤᠨ ᠡᠬᠢᠨ ᠤ ᠦᠷᠡᠰ ᠭᠠᠭ᠋ᠠᠢ ᠪᠣᠯᠣᠨ᠎ᠠ᠃ ᠡᠯᠳᠴᠡ ᠶᠢᠨ ᠦᠶ᠎ᠡ ᠶᠢ ᠶᠡᠷᠦᠳᠡᠭᠡᠨ ᠲᠤᠰᠬᠠᠢ ᠤᠳᠤᠮ ᠭᠡᠳᠡᠭ᠃    ᠤᠳᠤᠬᠠᠨ ᠳᠤ ᠳᠡᠯᠡᠬᠡᠢ ᠳᠡᠭᠡᠷ᠎ᠡ ᠪᠠᠶᠢᠭ᠎ᠠ ᠪᠦᠲᠦᠨ ᠡᠭᠦᠯᠳᠡᠷ ᠤᠨ ᠭᠠᠭ᠋ᠠᠢ ᠶᠢᠨ ᠡᠯᠳᠴᠡ ᠪᠣᠯ ᠤᠷᠲᠤ ᠴᠠᠭᠠᠨ    ᠭᠠᠭ᠋ᠠᠢ᠂ ᠲᠤᠮᠤ ᠴᠠᠭᠠᠨ ᠭᠠᠭ᠋ᠠᠢ᠂ ᠳ᠋ᠤᠯᠤᠸᠧᠺᠧ ᠭᠠᠭ᠋ᠠᠢ ᠪᠠ ᠫᠢᠲ᠋ᠧᠯᠡᠨ ᠭᠠᠭ᠋ᠠᠢ ᠵᠡᠷᠭᠡ ᠳᠦᠷᠪᠡᠨ ᠡᠭᠦᠯᠳᠡᠷ ᠤᠨ ᠭᠠᠭ᠋ᠠᠢ    ᠪᠣᠯᠬᠤ ᠪᠣᠶᠣ ᠲᠡᠳᠡᠭᠡᠷ ᠤᠨ ᠬᠤᠭᠤᠷᠤᠨᠳᠤᠬᠢ ᠡᠷᠯᠢᠰᠡ ᠡᠭᠦᠯᠳᠡᠷ ᠪᠤᠯᠤᠨ᠎ᠠ᠃    ᠪᠦᠲᠦᠨ ᠤᠳᠤᠮ ᠤᠨ ᠭᠠᠭ᠋ᠠᠢ ᠶᠢᠨ ᠰᠢᠰᠲ᠋ᠧᠮ ᠳᠤ ᠬᠤᠶᠠᠷ ᠵᠦᠢᠯ ᠤᠨ ᠡᠭᠦᠷᠭᠡ ᠪᠠᠶᠢᠳᠠᠭ᠃ ᠨᠢᠭᠡ ᠨᠢ    ᠡᠯᠳᠴᠡ ᠭᠠᠭ᠋ᠠᠢ ᠶᠢᠨ ᠦᠪᠡᠷ ᠤᠨ ᠰᠦᠷᠦᠭ ᠤᠨ ᠦᠷᠡᠵᠢᠭᠦᠯᠦᠯᠭᠡ ᠬᠢᠨ᠎ᠡ᠃ ᠬᠤᠶᠠᠷ ᠲᠤ᠂ ᠡᠪᠦᠭᠡ ᠦᠶ᠎ᠡ ᠶᠢᠨ    ᠦᠷᠡᠰ ᠭᠠᠭ᠋ᠠᠢ ᠶᠢ ᠦᠷᠡᠵᠢᠭᠦᠯᠬᠦ ᠪᠤᠯᠤᠨ᠎ᠠ᠃    4᠂ ᠡᠪᠦᠭᠡ ᠦᠶ᠎ᠡ    ᠡᠨᠡ ᠨᠢ ᠪᠦᠲᠦᠨ ᠤᠳᠤᠮ ᠤᠨ ᠦᠷᠡᠰ ᠭᠠᠭ᠋ᠠᠢ ᠳᠤ ᠪᠠᠭᠲᠠᠨ᠎ᠠ᠃ ᠡᠯᠳᠴᠡ ᠦᠶ᠎ᠡ ᠶᠢᠨ ᠪᠦᠲᠦᠨ    ᠤᠳᠤᠮ ᠠᠴᠠ ᠢᠷᠡᠯᠲᠡᠲᠡᠢ᠂ ᠪᠦᠲᠦᠨ ᠤᠳᠤᠮ ᠤᠨ ᠰᠢᠰᠲ᠋ᠧᠮ ᠳᠤ ᠡᠪᠦᠭᠡ ᠦᠶ᠎ᠡ ᠶᠢᠨ ᠦᠷᠡᠰ ᠭᠠᠭ᠋ᠠᠢ ᠶᠢ ᠵᠦᠪᠬᠡᠨ    ᠲᠤᠭᠲᠠᠭᠰᠠᠨ ᠡᠴᠢᠭᠡ ᠡᠬᠡ ᠦᠶ᠎ᠡ ᠶᠢᠨ ᠦᠷᠡᠰ ᠭᠠᠭ᠋ᠠᠢ ᠶᠢ ᠦᠷᠡᠵᠢᠭᠦᠯᠬᠦ ᠳᠤ ᠬᠡᠷᠡᠭᠯᠡᠳᠡᠭ᠃    5᠂ ᠡᠴᠢᠭᠡ ᠡᠬᠡ ᠦᠶ᠎ᠡ    ᠮᠦᠨ ᠴᠦ ᠪᠦᠲᠦᠨ ᠤᠳᠤᠮ ᠤᠨ ᠭᠠᠭ᠋ᠠᠢ ᠳᠤ ᠪᠠᠭᠲᠠᠨ᠎ᠠ᠃ ᠵᠦᠪᠬᠡᠨ ᠪᠦᠲᠦᠨ ᠤᠳᠤᠮ ᠤᠨ ᠡᠪᠦᠭᠡ    ᠦᠶ᠎ᠡ ᠠᠴᠠ ᠢᠷᠡᠯᠲᠡᠢ᠃ ᠡᠴᠢᠭᠡ ᠡᠬᠡ ᠦᠶ᠎ᠡ ᠶᠢᠨ ᠦᠷᠡᠰ ᠭᠠᠭ᠋ᠠᠢ ᠶᠢ ᠵᠦᠪᠬᠡᠨ ᠲᠠᠸᠠᠷ ᠤᠨ ᠡᠭᠦᠯᠳᠡᠷ ᠢ    ᠦᠷᠡᠵᠢᠭᠦᠯᠬᠦ ᠳᠤ ᠬᠡᠷᠡᠭᠯᠡᠳᠡᠭ᠃ ᠪᠦᠲᠦᠨ ᠤᠳᠤᠮ ᠤᠨ ᠦᠷᠡᠰ ᠭᠠᠭ᠋ᠠᠢ ᠶᠢᠨ ᠺᠤᠮᠫᠠᠨᠢ ᠨᠢ ᠶᠡᠷᠦᠳᠡᠭᠡᠨ ᠡᠨᠡ    ᠦᠶ᠎ᠡ ᠶᠢᠨ ᠭᠠᠭ᠋ᠠᠢ ᠶᠢ ᠯᠡ ᠬᠠᠩᠭᠠᠳᠠᠭ ᠶᠣᠮ᠃    ︵ᠬᠤᠶᠠᠷ︶ ᠤᠷᠤᠭᠤᠯᠵᠤ ᠢᠷᠡᠭᠰᠡᠨ ᠦᠷᠡᠰ ᠭᠠᠭ᠋ᠠᠢ ᠶᠢ ᠬᠡᠷᠡᠭᠯᠡᠬᠦ    1᠂ ᠤᠷᠤᠭᠤᠯᠵᠤ ᠢᠷᠡᠭᠰᠡᠨ ᠦᠷᠡᠰ ᠭᠠᠭ᠋ᠠᠢ ᠶᠢ ᠰᠢᠭᠤᠳ ᠦᠷᠡᠵᠢᠭᠦᠯᠬᠦ ᠤᠴᠢᠷ ᠠᠴᠠ ᠤᠷᠤᠭᠤᠯᠵᠤ    ᠢᠷᠡᠬᠦ ᠠᠴᠠ ᠪᠠᠨ ᠡᠮᠦᠨ᠎ᠡ ᠨᠠᠷᠢᠯᠢᠭ ᠪᠠᠶᠢᠴᠠᠭᠠᠨ ᠰᠤᠳᠤᠯᠤᠯᠲᠠ ᠬᠢᠵᠦ᠂ ᠰᠢᠯᠢᠳᠡᠭ ᠴᠢᠨᠠᠷᠲᠠᠢ ᠪᠠᠶᠢᠬᠤ ᠮᠦᠷᠲᠡᠭᠡᠨ    ᠴᠢᠰᠦᠨ ᠤᠳᠤᠮ ᠤᠨ ᠪᠦᠷᠢᠯᠳᠦᠭᠦᠨ ᠢ ᠠᠩᠬᠠᠷᠴᠤ᠂ ᠡᠬᠢᠯᠡᠵᠦ ᠤᠷᠤᠭᠤᠯᠬᠤ ᠳᠠᠭᠠᠨ ᠴᠦᠬᠡᠨ ᠲᠤᠭ᠎ᠠ ᠪᠠᠷ    ᠤᠷᠤᠭᠤᠯᠵᠤ᠂ ᠵᠤᠬᠢᠴᠠᠯᠳᠤᠬᠤ ᠴᠢᠳᠠᠪᠤᠷᠢ ᠶᠢ ᠨᠢ ᠦᠵᠡᠬᠦ ᠬᠡᠷᠡᠭᠲᠡᠢ᠃ ᠰᠢᠯᠢᠳᠡᠭ ᠡᠭᠦᠯᠳᠡᠷ ᠤᠨ ᠭᠠᠭ᠋ᠠᠢ ᠶᠢᠨ    ᠦᠢᠯᠡᠳᠪᠦᠷᠢᠯᠡᠯ ᠤᠨ ᠴᠢᠳᠠᠪᠤᠷᠢ ᠨᠢ ᠶᠡᠭᠡ᠂ ᠲᠡᠵᠢᠭᠡᠯᠭᠡ ᠠᠷᠠᠴᠢᠯᠠᠭ᠎ᠠ ᠶᠢᠨ ᠱᠠᠭᠠᠷᠳᠠᠯᠭ᠎ᠠ ᠨᠢ ᠦᠨᠳᠦᠷ    ᠪᠠᠶᠢᠳᠠᠭ ᠠᠴᠠ ᠰᠢᠨᠵᠢᠯᠡᠬᠦ ᠤᠬᠠᠭᠠᠨᠴᠢ ᠪᠠᠷ ᠲᠡᠵᠢᠭᠡᠵᠦ ᠠᠷᠠᠴᠢᠯᠠᠬᠤ ᠬᠡᠷᠡᠭᠲᠡᠢ ᠶᠣᠮ᠃ ᠬᠡᠷᠪᠡ ᠲᠤᠰ ᠭᠠᠵᠠᠷ ᠤᠨ    ᠨᠦᠭᠦᠴᠡᠯ ᠳᠤ ᠵᠤᠬᠢᠴᠠᠯᠳᠤᠬᠤ ᠦᠭᠡᠢ ᠪᠣᠯ ᠤᠷᠢᠳᠠᠪᠡᠷ ᠨᠤᠲᠤᠭ ᠤᠨ ᠡᠭᠦᠯᠳᠡᠷ ᠢᠶᠠᠷ ᠴᠢᠰᠦ ᠰᠦᠯᠪᠡᠬᠦ    ᠡᠷᠯᠢᠰᠡᠵᠢᠭᠦᠯᠭᠡ ᠬᠢᠨ᠎ᠡ᠂ ᠢᠩᠭᠢᠪᠡᠯ ᠡᠷᠯᠢᠰᠡ ᠪᠡᠶ᠎ᠡ ᠳᠡᠭᠡᠷ᠎ᠡ ᠲᠡᠷᠡᠬᠦ ᠭᠠᠳᠠᠨ᠎ᠠ ᠡᠭᠦᠯᠳᠡᠷ ᠤᠨ ᠴᠢᠬᠤᠯᠠ ᠤᠨᠴᠠᠯᠢᠭ ᠢ    ᠬᠠᠳᠠᠭᠠᠯᠠᠬᠤ ᠶᠢᠨ ᠬᠠᠮᠲᠤ᠂ ᠲᠤᠰ ᠭᠠᠵᠠᠷ ᠤᠨ ᠨᠦᠭᠦᠴᠡᠯ ᠳᠤ ᠵᠤᠬᠢᠴᠠᠯᠳᠤᠬᠤ ᠲᠠᠯ᠎ᠠ ᠪᠠᠷ ᠰᠠᠶᠢᠵᠢᠷᠠᠭᠤᠯᠵᠤ ᠪᠤᠯᠤᠨ᠎ᠠ᠃    2᠂ ᠤᠷᠤᠭᠤᠯᠵᠤ ᠢᠷᠡᠭᠰᠡᠨ ᠦᠷᠡᠰ ᠭᠠᠭ᠋ᠠᠢ ᠶᠢ ᠤᠤᠯ ᠤᠨ ᠪᠠᠶᠢᠭᠰᠠᠨ ᠦᠷᠡᠰ ᠭᠠᠭ᠋ᠠᠢ ᠶᠢᠨ    ᠦᠢᠯᠡᠳᠪᠦᠷᠢᠯᠡᠯ ᠤᠨ ᠴᠢᠳᠠᠪᠤᠷᠢ ᠶᠢ ᠳᠡᠭᠡᠭᠰᠢᠯᠡᠭᠦᠯᠬᠦ ᠳᠤ ᠬᠡᠷᠡᠭᠯᠡᠬᠦ ᠪᠤᠯᠬᠤᠷ ᠭᠤᠤᠯᠳᠠᠭᠤ ᠠᠵᠢᠷᠭᠠᠨ ᠭᠠᠭ᠋ᠠᠢ    ᠤᠷᠤᠭᠤᠯᠵᠤ ᠢᠷᠡᠳᠡᠭ᠃ ᠡᠶᠢᠮᠦ ᠠᠴᠠ ᠤᠷᠤᠭᠤᠯᠵᠤ ᠢᠷᠡᠬᠦ ᠠᠵᠢᠷᠭᠠᠨ ᠭᠠᠭ᠋ᠠᠢ ᠶᠢᠨ ᠦᠢᠯᠡᠳᠪᠦᠷᠢᠯᠡᠯ ᠤᠨ    ᠴᠢᠳᠠᠪᠤᠷᠢ᠂ ᠡᠷᠡᠭᠦᠯ ᠴᠢᠬᠢᠷᠠᠭ ᠤᠨ ᠱᠠᠭᠠᠷᠳᠠᠯᠭ᠎ᠠ ᠨᠢ ᠦᠨᠳᠦᠷ ᠮᠦᠷᠲᠡᠭᠡᠨ ᠲᠤᠬᠠᠢ ᠶᠢᠨ ᠭᠠᠵᠠᠷ ᠤᠨ ᠭᠠᠭ᠋ᠠᠢ ᠳᠤ    ᠪᠠᠶᠢᠳᠠᠭ ᠦᠭᠡᠢ ᠰᠢᠯᠢᠳᠡᠭ ᠦᠢᠯᠡᠳᠪᠦᠷᠢᠯᠡᠯ ᠤᠨ ᠴᠢᠳᠠᠪᠤᠷᠢ ᠲᠠᠢ ᠪᠠᠶᠢᠬᠤ ᠬᠡᠷᠡᠭᠲᠡᠢ᠃ ᠵᠢᠱᠢᠶᠡᠯᠡᠪᠡᠯ᠄ ᠮᠢᠬᠠᠨ ᠤ    ᠴᠢᠨᠠᠷ ᠨᠢ ᠵᠠᠬ᠎ᠠ ᠳᠡᠯᠭᠡᠭᠦᠷ ᠤᠨ ᠱᠠᠭᠠᠷᠳᠠᠯᠭ᠎ᠠ ᠳᠤ ᠵᠤᠬᠢᠴᠠᠬᠤ᠂ ᠪᠡᠶ᠎ᠡ ᠶᠢᠨ ᠪᠦᠲᠦᠴᠡ ᠨᠢ ᠪᠠᠬᠢᠯᠢᠭ᠌᠂ ᠲᠤᠷᠦ᠋ᠢᠯᠠᠬᠤ     ᠨᠢ ᠠᠷᠪᠢᠨ᠂ ᠠᠯᠠᠰᠢᠨ ᠪᠡᠶ᠎ᠡ ᠨᠢ ᠵᠢᠭᠲᠡ ᠪᠠᠶᠢᠬᠤ ᠨᠦᠭᠦᠴᠡᠯ ᠢ ᠪᠦᠷᠢᠯᠳᠦᠭᠦᠯᠬᠦ ᠬᠡᠷᠡᠭᠲᠡᠢ᠃    3᠂ ᠤᠷᠤᠭᠤᠯᠵᠤ ᠢᠷᠡᠬᠦ ᠦᠷᠡᠰ ᠭᠠᠭ᠋ᠠᠢ ᠶᠢ ᠡᠷᠯᠢᠰᠡᠵᠢᠭᠦᠯᠬᠦ ᠳᠤ ᠬᠡᠷᠡᠭᠯᠡᠨ᠎ᠡ᠃ ᠨᠢᠭᠡ ᠳᠤ᠂ ᠤᠷᠤᠭᠤᠯᠵᠤ    ᠢᠷᠡᠭᠰᠡᠨ ᠦᠷᠡᠰ ᠭᠠᠭ᠋ᠠᠢ ᠪᠠᠷ ᠡᠷᠯᠢᠰᠡ ᠦᠷᠡᠰ ᠭᠠᠭ᠋ᠠᠢ ᠶᠢ ᠦᠷᠡᠵᠢᠭᠦᠯᠦᠨ᠎ᠡ᠃ ᠡᠭᠦᠨ ᠳᠤ ᠤᠷᠤᠭᠤᠯᠵᠤ ᠢᠷᠡᠬᠦ    ᠦᠷᠡᠰ ᠭᠠᠭ᠋ᠠᠢ ᠨᠢ ᠤᠯᠠᠩᠬᠢ ᠳᠠᠭᠠᠨ ᠲᠤᠮᠤ ᠴᠠᠭᠠᠨ ᠭᠠᠭ᠋ᠠᠢ ᠪᠤᠶᠤ ᠤᠷᠲᠤ ᠴᠠᠭᠠᠨ ᠭᠠᠭ᠋ᠠᠢ ᠪᠤᠯᠤᠨ᠎ᠠ᠃    ᠡᠷᠯᠢᠰᠡᠵᠢᠭᠦᠯᠬᠦ ᠠᠷᠭ᠎ᠠ ᠨᠢ ᠳᠡᠭᠡᠷ᠎ᠡ ᠲᠠᠨᠢᠯᠴᠠᠭᠤᠯᠤᠭᠰᠠᠨ ᠲᠠᠢ ᠠᠳᠠᠯᠢ᠃ ᠬᠤᠶᠠᠷ ᠲᠤ᠂ ᠤᠷᠤᠭᠤᠯᠵᠤ ᠢᠷᠡᠭᠰᠡᠨ    ᠠᠵᠢᠷᠭᠠᠨ ᠭᠠᠭ᠋ᠠᠢ ᠪᠠᠷ ᠤᠷᠤᠨ ᠤ ᠮᠡᠭᠡᠵᠢ ᠶᠢ ᠡᠷᠯᠢᠰᠡᠵᠢᠭᠦᠯᠵᠦ ᠲᠠᠸᠠᠷ ᠤᠨ ᠭᠠᠭ᠋ᠠᠢ ᠶᠢ ᠦᠷᠡᠵᠢᠭᠦᠯᠦᠨ᠎ᠡ᠃ ᠡᠨᠡᠬᠦ    ᠠᠷᠭ᠎ᠠ ᠳᠤ ᠤᠯᠠᠨ ᠲᠦᠷᠦᠯ ᠤᠨ ᠤᠷᠤᠭᠤᠯᠵᠤ ᠢᠷᠡᠭᠰᠡᠨ ᠡᠭᠦᠯᠳᠡᠷ ᠢ ᠰᠤᠩᠭᠤᠳᠠᠭ᠃ ᠭᠡᠬᠦ ᠳᠡᠭᠡᠨ ᠵᠠᠪᠠᠯ ᠤᠷᠤᠨ    ᠭᠠᠵᠠᠷ ᠤᠨ ᠢᠶᠠᠨ ᠪᠤᠳᠠᠲᠠᠢ ᠬᠡᠷᠡᠭᠴᠡᠭᠡ ᠠᠴᠠ ᠡᠭᠦᠰᠴᠦ᠂ ᠦᠷᠡᠰ ᠭᠠᠭ᠋ᠠᠢ ᠶᠢ ᠰᠤᠩᠭᠤᠬᠤ ᠬᠡᠷᠡᠭᠲᠡᠢ᠃    ᠡᠷᠯᠢᠰᠡᠵᠢᠭᠦᠯᠬᠦ ᠠᠷᠭ᠎ᠠ ᠨᠢ ᠳᠠᠷᠠᠭᠠᠬᠢ ᠵᠢᠷᠤᠭ ᠮᠡᠲᠦ᠂ ᠵᠢᠷᠤᠭ ᠬᠤᠶᠠᠷ ᠳᠦᠭᠦᠮ ᠡᠷᠯᠢᠰᠡᠵᠢᠭᠦᠯᠬᠦ ᠠᠷᠭ᠎ᠠ    ᠵᠢᠷᠤᠭ 3 ᠳᠦᠭᠦᠮ ᠳᠡᠰ ᠳᠡᠪᠰᠢᠭᠦᠯᠬᠦ ᠡᠷᠯᠢᠰᠡᠵᠢᠭᠦᠯᠭᠡ    ᠠᠩᠬᠠᠷᠬᠤ ᠨᠢ᠄ ᠵᠢᠷᠤᠭ 3 ᠤᠨ ᠳᠤᠲᠤᠷᠠᠬᠢ ᠤᠷᠤᠭᠤᠯᠵᠤ ᠢᠷᠡᠭᠰᠡᠨ ᠠᠵᠢᠷᠭᠠᠨ ᠭᠠᠭ᠋ᠠᠢ 1 ᠪᠠ    ᠤᠷᠤᠭᠤᠯᠵᠤ ᠢᠷᠡᠭᠰᠡᠨ ᠠᠵᠢᠷᠭᠠᠨ ᠭᠠᠭ᠋ᠠᠢ 2 ᠪᠣᠯ ᠭᠠᠳᠠᠭᠠᠳᠤ ᠠᠴᠠ ᠤᠷᠤᠭᠤᠯᠵᠤ ᠢᠷᠡᠭᠰᠡᠨ ᠠᠳᠠᠯᠢ    ᠡᠭᠦᠯᠳᠡᠷ ᠤᠨ ᠠᠳᠠᠯᠢ ᠪᠤᠰᠤ ᠭᠠᠭ᠋ᠠᠢ ︵ᠪᠤᠳᠠᠭᠠᠯᠢ ᠪᠡᠶ᠎ᠡ︶ ᠪᠤᠯᠤᠨ᠎ᠠ᠃    ᠤᠷᠤᠭᠤᠯᠵᠤ ᠢᠷᠡᠭᠰᠡᠨ ᠴᠡᠪᠡᠷ ᠡᠭᠦᠯᠳᠡᠷ ᠤᠨ ᠬᠠᠷ᠎ᠠ ᠮᠢᠬᠠᠨ ᠤ ᠬᠡᠷᠡᠭᠴᠡᠭᠡᠲᠦ ᠦᠷᠡᠰ ᠭᠠᠭ᠋ᠠᠢ ᠪᠠᠷ    ᠭᠤᠷᠪᠠᠯᠠᠵᠤ ᠡᠷᠯᠢᠰᠡᠵᠢᠭᠦᠯᠭᠡ ᠬᠢᠬᠦ ᠪᠤᠯᠢ ᠬᠠᠷ᠎ᠠ ᠮᠢᠬᠠᠨ ᠤ ᠬᠡᠷᠡᠭᠴᠡᠭᠡᠲᠦ ᠭᠠᠭ᠋ᠠᠢ ᠶᠢ ᠪᠤᠶᠢᠵᠢᠭᠤᠯᠬᠤ ᠠᠵᠢᠯ ᠤᠨ    ᠳᠤᠮᠳᠠᠬᠢ ᠬᠠᠮᠤᠭ ᠤᠨ ᠲᠦᠭᠡᠮᠡᠯ ᠠᠷᠭ᠎ᠠ ᠪᠤᠯᠤᠨ᠎ᠠ᠃    ᠵᠢᠷᠤᠭ 4 ᠭᠤᠷᠪᠠᠯᠠᠵᠤ ᠡᠷᠯᠢᠰᠡᠵᠢᠭᠦᠯᠬᠦ ᠠᠷᠭ᠎ᠠ ︵ᠨᠢᠭᠡ︶    ᠵᠢᠷᠤᠭ 5 ᠭᠤᠷᠪᠠᠯᠠᠵᠤ ᠡᠷᠯᠢᠰᠡᠵᠢᠭᠦᠯᠬᠦ ᠠᠷᠭ᠎ᠠ ︵ᠬᠤᠶᠠᠷ︶    ︵ᠢᠷᠡᠯᠲᠡ᠄ ᠦ᠊ · ᠪᠤᠶᠠᠨᠳᠡᠯᠭᠡᠷ ᠨᠠᠷ ᠤᠨ ᠨᠠᠶᠢᠷᠠᠭᠤᠯᠤᠭᠰᠠᠨ ︽ᠭᠠᠭ᠋ᠠᠢ ᠶᠢᠨ ᠰᠠᠶᠢᠨ ᠡᠭᠦᠯᠳᠡᠷ ᠰᠤᠩᠭᠤᠬᠤ    ᠮᠡᠷᠭᠡᠵᠢᠯ︾ ᠭᠡᠬᠦ ᠨᠤᠮ ᠠᠴᠠ ᠰᠤᠩᠭᠤᠨ ᠰᠡᠶᠢᠷᠡᠭᠦᠯᠪᠡ᠃︶  
 
ᠢᠷᠡᠯᠲᠡ᠄ ︽ᠭᠠᠭ᠋ᠠᠢ ᠶᠢᠨ ᠰᠠᠶᠢᠨ ᠡᠭᠦᠯᠳᠡᠷ ᠰᠤᠩᠭᠤᠬᠤ ᠮᠡᠷᠭᠡᠵᠢᠯ︾
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号