ᠲᠦᠮᠦᠰᠦ ᠠᠷᠪᠢᠨ ᠢᠳᠡᠪᠡᠯ ᠴᠢᠰᠤᠨ ᠳᠠᠷᠤᠯᠳᠠ ᠦᠨᠳᠦᠷᠵᠢᠨ᠎ᠡ
ᠨᠡᠶᠢᠲᠡᠯᠡᠭᠰᠡᠨ ᠴᠠᠭ᠄
2021/3/10
      ᠠᠮᠧᠷᠢᠺᠠ ᠶᠢᠨ ᠬᠠᠷᠸᠠᠷᠳ᠋ ᠶᠡᠭᠡ ᠰᠤᠷᠭᠠᠭᠤᠯᠢ ᠶᠢᠨ ᠠᠨᠠᠭᠠᠬᠤ ᠤᠬᠠᠭᠠᠨ ᠤ ᠲᠡᠭᠡᠳᠦ ᠰᠤᠷᠭᠠᠭᠤᠯᠢ ᠶᠢᠨ ᠨᠢᠭᠡᠨ ᠰᠢᠨ᠎ᠡ ᠰᠤᠳᠤᠯᠭᠠᠨ ᠳᠤ ᠬᠠᠷᠠᠭᠤᠯᠤᠭᠰᠠᠨ ᠢᠶᠠᠷ᠂ ᠭᠠᠷᠠᠭ ᠪᠦᠷᠢ ᠲᠦᠷᠪᠡ ᠤᠳᠠᠭ᠎ᠠ ᠲᠦᠮᠦᠰᠦ ᠢᠳᠡᠪᠡᠯ ᠴᠢᠰᠤᠨ ᠳᠠᠷᠤᠯᠳᠠ ᠦᠨᠳᠦᠷᠵᠢᠬᠦ ᠨᠤᠷᠮ᠎ᠠ ᠶᠢ ᠨᠡᠮᠡᠭᠳᠡᠬᠦᠯᠳᠡᠭ᠃     ᠰᠤᠳᠤᠯᠭᠠᠳᠠᠳ 18.7 ᠲᠦᠮᠡᠨ ᠳᠤᠷᠰᠢᠯᠳᠠ ᠳᠤ ᠤᠷᠤᠯᠴᠠᠭᠴᠢ ᠶᠢ 20 ᠵᠢᠯ ᠮᠦᠷᠲᠡᠨ ᠪᠠᠶᠢᠴᠠᠭᠠᠯᠳᠠ ᠬᠢᠭᠰᠡᠨ ᠳᠤᠭ᠎ᠠ ᠪᠠᠷᠢᠮᠳᠠ ᠳᠤ ᠵᠠᠳᠠᠯᠤᠯᠳᠠ ᠬᠢᠭᠰᠡᠨ ᠤ ᠳ᠋ᠦᠩ ᠳᠤ᠂ ᠰᠠᠷ᠎ᠠ ᠪᠦᠷᠢ ᠨᠢᠭᠡ ᠤᠳᠠᠭ᠎ᠠ ᠠᠴᠠ ᠢᠯᠡᠬᠦᠦ ᠲᠦᠮᠦᠰᠦ ᠢᠳᠡᠳᠡᠭ ᠦᠭᠡᠢ ᠬᠦᠮᠦᠰ ᠲᠠᠢ ᠬᠠᠷᠢᠴᠠᠭᠤᠯᠪᠠᠯ ᠭᠠᠷᠠᠭ ᠪᠦᠷᠢ ᠨᠠᠭᠠᠳᠤ ᠵᠠᠬ᠎ᠠ ᠳᠠᠭᠠᠨ ᠲᠦᠷᠪᠡ ᠤᠳᠠᠭ᠎ᠠ ᠲᠦᠮᠦᠰᠦ ᠪᠠᠷ ᠬᠢᠭᠰᠡᠨ ᠢᠳᠡᠭᠡᠨ ᠢᠳᠡᠳᠡᠭ ᠬᠦᠮᠦᠰ ᠤᠨ ᠴᠢᠰᠤᠨ ᠳᠠᠷᠤᠯᠳᠠ ᠦᠨᠳᠦᠷᠵᠢᠬᠦ ᠨᠤᠷᠮ᠎ᠠ 11% ᠪᠠᠷ ᠦᠨᠳᠦᠷ ᠪᠠᠶᠢᠪᠠ᠃ ᠭᠠᠷᠠᠭ ᠪᠦᠷᠢ ᠨᠠᠭᠠᠳᠤ ᠵᠠᠬ᠎ᠠ ᠳᠠᠭᠠᠨ ᠲᠦᠷᠪᠡ ᠤᠳᠠᠭ᠎ᠠ ᠰᠢᠷᠭᠠᠭᠠᠭᠰᠠᠨ ᠲᠦᠮᠦᠰᠦ ᠶᠢᠨ ᠭᠡᠷᠴᠢᠮᠡᠯ ᠢᠳᠡᠳᠡᠭ ᠬᠦᠮᠦᠰ ᠤᠨ ᠴᠢᠰᠤᠨ ᠳᠠᠷᠤᠯᠳᠠ ᠦᠨᠳᠦᠷᠵᠢᠬᠦ ᠨᠤᠷᠮ᠎ᠠ 17% ᠪᠠᠷ ᠦᠨᠳᠦᠷ ᠪᠤᠯᠳᠠᠭ᠃ ᠭᠡᠷᠪᠡ ᠡᠳᠦᠷ ᠪᠦᠷᠢ ᠴᠠᠷᠳᠠᠭᠤᠯ ᠤᠨ ᠪᠤᠰᠤ ᠢᠳᠡᠰᠢᠨ ᠨᠤᠭᠤᠭ᠎ᠠ ᠪᠠᠷ ᠲᠦᠮᠦᠰᠦ ᠶᠢ ᠤᠷᠤᠯᠠᠭᠤᠯᠵᠤ ᠢᠳᠡᠪᠡᠯ ᠴᠢᠰᠤᠨ ᠳᠠᠷᠤᠯᠳᠠ ᠦᠨᠳᠦᠷᠵᠢᠬᠦ ᠨᠤᠷᠮ᠎ᠠ ᠶᠢ 7% ᠪᠠᠷ ᠪᠠᠭᠤᠷᠠᠭᠤᠯᠤᠨ᠎ᠠ᠃ᠤᠴᠢᠷ ᠨᠢ ᠲᠦᠮᠦᠰᠦᠨ ᠳᠤ ᠶᠡᠭᠡ ᠭᠡᠮᠵᠢᠶᠡᠨ ᠤ ᠴᠠᠷᠳᠠᠭᠤᠯ ᠠᠭᠤᠯᠤᠭᠳᠠᠵᠤ᠂ ᠰᠢᠬᠢᠷ ᠢ ᠨᠡᠮᠡᠭᠳᠡᠬᠦᠯᠬᠦ ᠵᠢᠭᠠᠯᠳᠠ ᠳᠤᠭ᠎ᠠ ᠨᠢ ᠦᠨᠳᠦᠷ᠂ ᠰᠢᠬᠢᠷ ᠨᠡᠮᠡᠭᠳᠡᠬᠦᠯᠳᠡᠭ ᠢᠳᠡᠭᠡᠨ ᠨᠢ ᠳᠠᠬᠢᠭᠠᠳ ᠴᠢᠰᠤᠨ ᠤ ᠰᠢᠬᠢᠷ ᠢ ᠭᠡᠨᠡᠳᠳᠡ ᠪᠠᠷ ᠨᠡᠮᠡᠭᠳᠡᠬᠦᠯᠳᠡᠭ᠃ ᠲᠦᠮᠦᠰᠦ ᠶᠢᠨ ᠳᠤᠳᠤᠷ᠎ᠠ ᠶᠡᠭᠡ ᠭᠡᠮᠵᠢᠶᠡᠨ ᠤ ᠸᠢᠲ᠋ᠠᠮᠢᠨ C ᠪᠠ ᠺᠠᠯᠢ ᠵᠡᠷᠭᠡ ᠤᠯᠠᠨ ᠲᠦᠷᠦᠯ ᠤᠨ ᠰᠢᠮ᠎ᠡ ᠲᠡᠵᠢᠭᠡᠯᠳᠦ ᠡᠳ᠋ ᠠᠭᠤᠯᠤᠭᠳᠠᠳᠠᠭ ᠳᠤᠯᠠ ᠭᠡᠮᠵᠢᠶ᠎ᠡ ᠲᠠᠢ ᠢᠳᠡᠪᠡᠯ ᠬᠠᠷᠢᠨ ᠰᠢᠮ᠎ᠡ ᠲᠡᠵᠢᠭᠡᠯ ᠰᠠᠶᠢᠳᠠᠢ ᠪᠤᠯᠳᠠᠭ᠃
 
ᠢᠷᠡᠯᠲᠡ᠄ ᠬᠦᠯᠦᠨ ᠪᠤᠶᠢᠷ ᠤᠨ ᠷᠠᠳᠢᠤ᠋ ᠲᠧᠯᠸᠢᠰ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号