ᠬᠤᠳᠤᠭᠤᠳᠤ ᠪᠠᠨ ᠬᠠᠮᠠᠭᠠᠯᠠᠬᠤ ᠨᠠᠢᠮᠠᠨ ᠴᠡᠭᠡᠷᠯᠡᠯ
ᠨᠡᠶᠢᠲᠡᠯᠡᠭᠰᠡᠨ ᠴᠠᠭ᠄
2021/3/10
       ᠨᠢᠭᠡ᠂ ᠴᠠᠳᠬᠤᠯᠠᠩ ᠦᠯᠦᠰᠬᠦᠯᠡᠩ ᠲᠡᠩᠴᠡᠭᠦᠷᠢ ᠪᠠᠨ ᠠᠯᠲᠠᠬᠤ ᠶᠢ ᠴᠡᠭᠡᠷᠯᠡᠬᠦ      ᠦᠯᠦᠰᠬᠦ ᠦᠶ᠎ᠡ ᠳᠤ᠂ ᠬᠤᠳᠤᠭᠤᠳᠤ ᠰᠢᠷ᠎ᠡ ᠬᠤᠰᠤᠬᠤ᠂ ᠤᠭᠤᠷᠠᠭ ᠤᠨ ᠢᠰᠭᠡᠭᠦᠷ ᠵᠡᠷᠭᠡ ᠶᠢᠨ ᠨᠢᠭᠳᠠᠴᠠ ᠨᠢ ᠨᠡᠯᠢᠶᠡᠳ ᠦᠨᠳᠦᠷ ᠪᠤᠯᠵᠦ᠂ ᠰᠠᠯᠢᠰᠦᠲᠦ ᠪᠦᠷᠬᠦᠪᠴᠢ ᠶᠢᠨ ᠦᠪᠡᠰᠦᠪᠠᠠ ᠰᠢᠩᠭᠡᠭᠡᠬᠦ ᠵᠡᠷᠭᠡ ᠠᠰᠠᠭᠤᠳᠠᠯ ᠢ ᠪᠤᠢ ᠪᠤᠯᠭᠠᠬᠤ ᠪᠤᠯᠤᠨ᠎ᠠ᠃ ᠭᠡᠳᠦᠷᠡᠲᠡᠯ᠎ᠡ ᠢᠳᠡᠵᠦ ᠤᠤᠭᠤᠬᠤ ᠨᠢ ᠪᠠᠰᠠ ᠬᠤᠳᠤᠭᠤᠳᠤ ᠶᠢᠨ ᠦᠪᠡᠷ ᠢ ᠪᠠᠨ ᠬᠠᠮᠠᠭᠠᠯᠠᠬᠤ ᠵᠢᠮ᠎ᠡ ᠬᠠᠤᠯᠢ ᠶᠢ ᠠᠯᠳᠠᠭᠤᠯᠳᠠᠭ᠃ ᠬᠤᠳᠤᠭᠤᠳᠤᠨ ᠤ ᠬᠠᠨ᠎ᠠ ᠬᠡᠳᠦ ᠲᠡᠯᠡᠬᠦ᠂ ᠢᠳᠡᠰᠢ ᠭᠡᠲᠦᠷᠭᠡᠢ ᠤᠷᠲᠤ ᠴᠠᠭ ᠰᠢᠩᠭᠡᠭᠡᠬᠦ ᠦᠭᠡᠢ ᠪᠤᠯ ᠪᠦᠷ ᠬᠤᠳᠤᠭᠤᠳᠤᠨ ᠤ ᠰᠢᠷᠬᠠᠳᠤᠯ ᠢ ᠲᠦᠷᠭᠡᠳᠬᠡᠳᠡᠭ᠃      ᠬᠤᠶᠠᠷ᠂ ᠢᠳᠡᠭᠡᠨ ᠤ ᠠᠷᠢᠭᠤᠨ ᠴᠡᠪᠡᠷ ᠪᠠᠶᠢᠬᠤ ᠶᠢ ᠡᠷᠬᠢᠮᠯᠡᠬᠦ      ᠬᠤᠳᠤᠭᠤᠳᠤᠨ ᠮᠤᠬᠤᠷ ᠤᠨ ᠪᠠᠺᠲ᠋ᠧᠷᠢ ᠶᠢᠨ ᠬᠠᠯᠳᠠᠪᠤᠷᠢᠯᠠᠯ ᠪᠤᠯ ᠬᠤᠳᠤᠭᠤᠳᠤ ᠪᠤᠯᠤᠨ ᠨᠤᠭᠤᠯᠤᠭᠤᠷ ᠭᠡᠳᠡᠰᠦ ᠶᠢᠨ ᠰᠢᠷᠬᠠᠯᠠᠭ᠎ᠠ ᠡᠪᠡᠳᠴᠢᠨ ᠡᠭᠦᠰᠬᠦ ᠬᠠᠮᠤᠭ ᠤᠨ ᠴᠢᠬᠤᠯᠠ ᠰᠢᠯᠲᠠᠭᠠᠨ ᠤ ᠨᠢᠭᠡ ᠪᠠᠶᠢᠵᠦ᠂ ᠰᠢᠷᠬᠠᠯᠠᠭᠠᠳᠤ ᠡᠪᠡᠳᠴᠢᠲᠡᠨ ᠤ ᠲᠤᠮᠳᠠ᠂ ᠪᠠᠶᠢᠴᠠᠭᠠᠭᠰᠠᠠ ᠤ ᠳ᠋ᠦᠩ ᠳᠤ ᠡᠨᠡᠭᠦ ᠪᠠᠺᠲ᠋ᠧᠷᠢ ᠳᠤ ᠬᠠᠯᠲᠠᠪᠤᠷᠢᠯᠠᠭᠲᠠᠭᠰᠠᠳ 70~90% ᠳᠤ ᠬᠦᠷᠴᠤ᠂ ᠰᠢᠷᠬᠠᠯᠠᠭ᠎ᠠ ᠨᠢ ᠡᠳᠡᠭᠡᠷᠡᠭᠰᠡᠨ ᠤ ᠬᠤᠶᠢᠨ᠎ᠠ ᠡᠨᠡᠬᠦ ᠪᠠᠺᠲ᠋ᠧᠷᠢ ᠨᠢ ᠠᠶᠠᠨᠳᠠᠭᠠᠨ ᠠᠷᠢᠯᠬᠤ ᠪᠤᠯᠤᠨ᠎ᠠ᠃ ᠬᠤᠲᠤᠭᠤᠲᠤᠨ ᠰᠢᠷᠬᠠᠯᠠᠭ᠎ᠠ ᠨᠢ ᠬᠤᠭᠤᠯᠠᠨ ᠤ ᠰᠠᠪᠠ ᠭᠡᠷᠡᠭᠰᠡᠯ᠂ ᠰᠢᠳᠦ ᠤᠬᠢᠶᠠᠬᠤ ᠬᠡᠷᠡᠭᠰᠡᠯ ᠪᠤᠯᠤᠨ ᠦᠨᠦᠰᠬᠦ ᠵᠡᠷᠭᠡ ᠲᠤᠳᠤᠨᠤ ᠬᠠᠷᠢᠯᠴᠠᠭ᠎ᠠ ᠪᠠᠷ ᠲᠠᠮᠵᠢᠵᠦ ᠬᠠᠯᠳᠠᠪᠤᠷᠢᠯᠠᠳᠠᠭ᠃ ᠠᠷᠢᠭᠤᠨ ᠴᠡᠪᠡᠷ ᠪᠤᠰᠤ ᠢᠳᠡᠭᠡᠨ ᠨᠢ ᠮᠦᠨ ᠴᠦ ᠬᠠᠯᠳᠠᠪᠤᠷᠢᠯᠠᠯ ᠤᠨ ᠨᠢᠭᠡᠨ ᠰᠢᠯᠲᠠᠭᠠᠨ ᠪᠠᠶᠢᠳᠠᠭ᠃     ᠭᠤᠷᠪᠠ᠂ ᠤᠷᠤᠢ ᠶᠢᠨ ᠬᠤᠭᠤᠯᠠ ᠶᠢ ᠬᠡᠳᠦ ᠴᠠᠳᠲᠠᠯ᠎ᠠ ᠢᠳᠡᠬᠦ ᠶᠢ ᠴᠡᠭᠡᠷᠯᠡᠬᠦ      ᠵᠠᠷᠢᠮ ᠬᠦᠮᠦᠨ ᠨᠢᠭᠡ ᠡᠳᠦᠷ ᠤᠨ ᠰᠢᠮ᠎ᠠ ᠲᠠᠵᠢᠭᠡᠯ ᠪᠠᠨ ᠤᠷᠤᠢ ᠶᠢᠨ ᠬᠤᠭᠤᠯᠠᠨ ᠳᠤ ᠲᠦᠪᠯᠡᠷᠡᠬᠦᠯᠬᠦ ᠪᠤᠶᠤ ᠰᠦᠨᠢ ᠶᠢᠨ ᠬᠤᠭᠤᠯᠠ ᠢᠳᠡᠬᠦ ᠲᠤᠷᠠᠲᠠᠢ᠂ ᠡᠰᠡᠬᠦᠯ᠎ᠡ ᠤᠨᠳᠠᠬᠤ ᠠᠴᠠ ᠡᠮᠦᠨ᠎ᠡ ᠢᠳᠡᠬᠦ ᠵᠡᠷᠭᠡ ᠵᠡᠩᠰᠢᠯ ᠲᠠᠢ ᠪᠠᠶᠢᠳᠠᠭ᠂ ᠡᠨᠡ ᠨᠢ ᠨᠦᠢᠷ ᠢ ᠬᠠᠷᠰᠢᠯᠠᠬᠤ ᠪᠠᠷ ᠪᠠᠷᠠᠬᠤ ᠦᠭᠡᠢ ᠬᠦᠮᠦᠨ ᠢ ᠬᠢᠯᠪᠠᠷᠬᠠᠠ ᠮᠠᠷᠢᠶᠠᠯᠠᠭᠤᠯᠵᠦ᠂ ᠪᠠᠰᠠ ᠬᠤᠳᠤᠭᠤᠳᠤᠨ ᠤ ᠰᠠᠯᠢᠰᠤᠲᠦ ᠪᠦᠷᠬᠦᠪᠴᠢ ᠳᠤ ᠰᠡᠲᠡᠯᠲᠡ ᠦᠭᠴᠦ᠂ ᠰᠢᠷ᠎ᠡ ᠬᠤᠰᠤᠭᠤᠯᠤᠨ ᠡᠭᠦᠨ ᠤ ᠤᠯᠠᠮ ᠠᠴᠠ ᠰᠢᠷᠬᠠᠯᠠᠭ᠎ᠠ ᠶᠢ ᠪᠤᠢ ᠪᠤᠯᠭᠠᠲᠠᠭ᠃     ᠲᠦᠷᠪᠡ᠂ ᠪᠦᠬᠦᠯᠢ ᠬᠠᠭ᠋ᠤᠯᠢ ᠪᠠᠷ ᠢᠳᠡᠬᠦ ᠶᠢ ᠴᠡᠭᠡᠷᠯᠡᠬᠦ      ᠢᠳᠡᠭᠡᠨ ᠨᠢ ᠬᠤᠳᠤᠭᠤᠳᠤᠨ ᠳᠤ ᠤᠷᠤᠭᠰᠠᠨ ᠤ ᠲᠠᠷᠠᠭ᠎ᠠ᠂ ᠬᠤᠷᠢᠶᠠᠵᠦ ᠬᠠᠳᠠᠭᠠᠯᠠᠬᠤ᠂ ᠨᠢᠴᠠᠯᠬᠤ᠂ ᠰᠢᠩᠭᠡᠭᠡᠯᠲᠡ ᠪᠠᠷ ᠲᠠᠮᠵᠢᠵᠦ ᠢᠳᠡᠭᠡᠡ ᠢ ᠴᠠᠶᠢᠳᠠᠮᠡᠭ ᠪᠠᠶᠢᠳᠠᠯ ᠲᠠᠢ ᠪᠤᠯᠭᠠᠮᠠᠨᠵᠢᠨ ᠰᠠᠶ᠋ᠢ ᠭᠡᠳᠡᠰᠦᠨ ᠳᠤ ᠤᠷᠤᠳᠠᠭ᠃ ᠬᠡᠷᠪᠡ ᠨᠠᠷᠢᠯᠢᠭ ᠵᠠᠵᠢᠯᠬᠤ ᠦᠭᠡᠢ ᠪᠦᠬᠦᠯᠢ ᠬᠠᠭ᠋ᠤᠯᠢ ᠪᠠᠷ ᠵᠠᠯᠬᠢᠪᠠᠯ᠂ ᠬᠤᠳᠤᠭᠤᠳᠤᠨ ᠤ ᠲᠠᠷᠤᠭᠠᠰᠤ ᠶᠢ ᠨᠡᠮᠡᠭᠳᠡᠭᠦᠯᠵᠦ᠂ ᠬᠤᠳᠤᠭᠤᠳᠤᠨ ᠤ ᠰᠠᠯᠢᠰᠤᠲᠦ ᠪᠦᠷᠬᠦᠪᠴᠢ ᠶᠢ ᠰᠢᠷᠬᠠᠳᠤᠭᠤᠯᠳᠠᠭ᠂ ᠰᠠᠶᠢᠨ ᠵᠠᠵᠢᠯᠪᠠᠯ ᠰᠢᠷ᠎ᠠ ᠬᠤᠰᠤᠬᠤ᠂ ᠰᠦᠰᠦᠨ ᠰᠢᠬᠦᠰᠦ ᠶᠢᠨ ᠰᠢᠬᠦᠷᠡᠯᠲᠡ ᠵᠡᠷᠭᠡ ᠶᠢ ᠪᠠᠭᠠᠰᠬᠠᠵᠦ᠂ ᠬᠤᠳᠤᠭᠤᠳᠤ ᠶᠢ ᠬᠠᠮᠠᠭᠠᠯᠠᠬᠤ ᠳᠤ ᠲᠤᠰᠠᠲᠠᠢ ᠪᠠᠶᠢᠳᠠᠭ᠃     ᠲᠠᠪᠤ᠂ ᠺᠤᠹᠧ᠂ ᠴᠠᠢ ᠵᠡᠷᠭᠡ ᠶᠢ ᠬᠡᠳᠦ ᠦᠳᠬᠡᠨ ᠤᠤᠭᠤᠬᠤ ᠶᠢ ᠴᠡᠭᠡᠷᠯᠡᠬᠦ      ᠺᠤᠹᠧ᠂ ᠦᠳᠬᠡᠨ ᠴᠠᠢ ᠨᠢ ᠬᠦᠭᠡᠷᠤᠯᠲᠠ ᠶᠢᠨ ᠦᠢᠯᠡᠲᠦᠯ ᠲᠠᠢ᠂ ᠤᠢᠢᠯᠲᠠ ᠪᠠᠷ ᠲᠠᠮᠵᠢᠵᠦ ᠬᠤᠳᠤᠭᠤᠳᠤᠨ ᠤ ᠰᠠᠯᠢᠰᠤᠲᠦ ᠪᠦᠷᠭᠦᠪᠴᠢ ᠶᠢ ᠴᠢᠰᠦ ᠲᠤᠳᠠᠭᠤᠯᠵᠦ᠂ ᠬᠤᠳᠤᠭᠤᠳᠤᠨ ᠤ ᠬᠠᠮᠠᠭᠠᠯᠠᠬᠤ ᠴᠢᠳᠠᠪᠬᠢ ᠶᠢ ᠡᠪᠳᠡᠵᠦ᠂ ᠰᠢᠷᠬᠠᠯᠠᠭ᠎ᠠ ᠡᠪᠡᠳᠴᠢᠨ ᠡᠭᠦᠰᠬᠡᠳᠡᠭ᠃     ᠵᠢᠷᠭᠤᠭ᠎ᠠ᠂ ᠬᠡᠲᠦᠷᠡᠲᠡᠯ᠎ᠠ ᠠᠷᠢᠬᠢ ᠤᠤᠭᠤᠬᠤ ᠠᠴᠠ ᠴᠡᠭᠡᠷᠯᠡᠬᠦ      ᠰᠫᠢᠷᠲ ᠨᠢ ᠬᠤᠳᠤᠭᠤᠳᠤᠨ ᠤ ᠰᠠᠯᠢᠰᠤᠲᠦ ᠪᠦᠷᠬᠦᠪᠴᠢ ᠶᠢ ᠰᠢᠭᠤᠳ ᠡᠪᠳᠡᠵᠦ᠂ ᠪᠠᠰᠠ ᠡᠯᠢᠭᠡᠨ ᠬᠠᠳᠠᠭᠤᠷᠠᠯ ᠪᠤᠯᠤᠨ ᠤᠳᠠᠭᠠᠨ ᠴᠢᠨᠠᠷ ᠲᠠᠢ ᠨᠦᠢᠷ ᠤᠨ ᠪᠤᠯᠴᠢᠷᠬᠠᠢ ᠶᠢᠨ ᠦᠷᠪᠢᠰᠦᠯ ᠢ ᠡᠭᠦᠰᠬᠡᠵᠦ᠂ ᠬᠤᠳᠤᠭᠤᠳᠤᠨ ᠤ ᠰᠢᠷᠬᠠᠯᠠᠭ᠎ᠠ ᠶᠢ ᠬᠦᠨᠳᠦᠷᠡᠭᠦᠯᠳᠡᠭ᠃      ᠲᠤᠯᠤᠭ᠎ᠠ᠂ ᠲᠠᠮᠡᠬᠢ ᠲᠠᠲᠠᠬᠤ ᠶᠢ ᠴᠡᠭᠡᠷᠯᠡᠬᠦ       ᠲᠠᠮᠡᠬᠢ ᠲᠠᠲᠠᠬᠤ ᠨᠢ ᠬᠤᠳᠤᠭᠤᠳᠤᠨ ᠤ ᠰᠠᠯᠢᠰᠤᠲᠦ ᠪᠦᠷᠬᠦᠪᠴᠢ ᠶᠢᠨ ᠴᠢᠰᠤᠨ ᠰᠤᠲᠠᠯ ᠢ ᠠᠪᠴᠢᠭᠤᠯᠵᠦ᠂ ᠬᠤᠳᠤᠭᠤᠳᠤᠨ ᠤ ᠰᠠᠯᠢᠰᠤᠲᠦ ᠪᠦᠷᠬᠦᠪᠴᠢ ᠶᠢᠨ ᠤᠷᠢᠲᠦ ᠪᠤᠯᠴᠢᠷᠬᠠᠢ ᠶᠢᠨ ᠡᠳ᠋ ᠤᠨ ᠨᠡᠶᠢᠯᠡᠯ ᠢ ᠪᠠᠭᠠᠰᠬᠠᠨ᠎ᠠ᠂ ᠡᠨᠡ ᠪᠤᠯ ᠨᠢᠭᠡ ᠵᠦᠢᠯ ᠤᠨ ᠰᠠᠯᠢᠰᠤᠲᠦ ᠪᠦᠷᠬᠦᠪᠴᠢ ᠶᠢ ᠬᠠᠮᠠᠭᠠᠯᠠᠬᠤ ᠡᠳ᠋ ᠪᠤᠯᠤᠨ᠎ᠠ᠂ ᠲᠠᠮᠡᠬᠢ ᠲᠠᠲᠠᠬᠤ ᠨᠢ ᠪᠠᠰᠠ ᠰᠢᠷ᠎ᠡ ᠬᠤᠰᠤᠬᠤ᠂ ᠤᠭᠤᠷᠠᠭ ᠤᠨ ᠢᠰᠭᠡᠭᠦᠷ ᠤᠨ ᠢᠯᠭᠠᠷᠠᠯ ᠳᠤ ᠰᠡᠳᠡᠯᠲᠡ ᠦᠭᠴᠦ᠂ ᠬᠤᠳᠤᠭᠤᠳᠤᠨ ᠤ ᠰᠠᠯᠢᠰᠤᠲᠦ ᠪᠦᠷᠬᠦᠪᠴᠢ ᠶᠢᠨ ᠡᠪᠳᠡᠭᠳᠡᠯ ᠢ ᠬᠦᠨᠳᠦᠷᠡᠭᠦᠯᠳᠡᠭ᠃     ᠨᠠᠢᠮᠠ᠂ ᠲᠤᠷ᠎ᠠ ᠪᠠᠷ ᠢᠶᠠᠨ ᠡᠮ ᠬᠡᠷᠡᠭᠯᠡᠬᠦ ᠶᠢ ᠴᠡᠭᠡᠷᠯᠡᠬᠦ      ᠬᠤᠳᠤᠭᠤᠳᠤᠨ ᠤ ᠰᠠᠯᠢᠰᠤᠲᠦ ᠪᠦᠷᠬᠦᠪᠴᠢ ᠶᠢ ᠰᠢᠷᠬᠠᠳᠤᠭᠤᠯᠳᠠᠭ ᠡᠮ ᠭᠤᠤᠯᠳᠠᠭᠤ ᠭᠤᠷᠪᠠᠨ ᠵᠦᠢᠯ ᠪᠠᠶᠢᠨ᠎ᠠ᠄     1. ᠡᠲ᠋ᠠ ᠠᠰᠢᠯ ᠤᠲᠠ ᠶᠢᠨ ᠬᠦᠴᠢᠯ ᠤᠨ ᠲᠦᠷᠦᠯ᠂ ᠵᠢᠱᠢᠶᠡᠯᠡᠪᠡᠯ ᠠᠰᠫᠢᠷᠢᠨ︔     2. ᠪᠤᠤ ᠲᠠᠢ ᠰᠦᠩ᠂ ᠰᠢᠶᠤᠤ ᠶᠠᠠ ᠲᠦᠩ᠂ ᠪᠦ᠋ ᠯᠦᠸᠧ ᠹᠧᠨ ᠵᠡᠷᠭᠡ ᠭᠤᠨᠠᠠ ᠪᠡᠶ᠎ᠠ ᠶᠢᠨ ᠪᠤᠰᠤ ᠦᠷᠪᠢᠰᠦᠯ ᠲᠠᠷᠤᠬᠤ ᠡᠮ︔     3. ᠬᠦᠷᠦᠰᠦᠮᠡᠭ ᠲᠦᠷᠦᠯ ᠤᠨ ᠭᠤᠨᠠᠠ ᠠᠯᠺᠤᠤᠯ ᠵᠡᠷᠭᠡ ᠬᠤᠷᠮᠤᠨ ᠤ ᠲᠦᠷᠦᠯ ᠤᠨ ᠡᠮ᠃ ᠲᠡᠶᠢᠮᠦ ᠠᠴᠠ ᠴᠢᠲᠠᠬᠤ ᠶᠢᠨ ᠬᠢᠷᠢ ᠪᠠᠷ ᠡᠲᠡᠭᠡᠷ ᠡᠮ ᠶᠢ ᠭᠡᠷᠡᠭᠯᠡᠬᠦ ᠠᠴᠠ ᠵᠠᠶᠢᠯᠠᠰᠬᠢᠪᠠᠯ ᠵᠤᠬᠢᠨ᠎ᠠ᠂ ᠬᠡᠷᠪᠡ ᠵᠠᠪᠠᠯ ᠤᠤᠭᠤᠬᠤ ᠴᠢᠬᠤᠯᠠᠲᠠᠢ ᠪᠤᠯ ᠡᠮ ᠤᠨ ᠬᠡᠮᠵᠢᠶ᠎ᠠ ᠪᠤᠯᠤᠨ ᠡᠮᠴᠢᠯᠡᠭᠡᠡ ᠤ ᠬᠤᠭᠤᠴᠠᠭ᠎ᠠ ᠶᠢ ᠡᠵᠡᠮᠲᠡᠵᠦ᠂ ᠬᠠᠮᠤᠭ ᠤᠨ ᠰᠠᠶᠢᠨ ᠨᠢ ᠬᠤᠭᠤᠯᠠᠠ ᠤ ᠲᠠᠷᠠᠭ᠎ᠠ ᠤᠤᠭᠤᠨ᠎ᠠ᠃    
 
ᠢᠷᠡᠯᠲᠡ᠄ ᠳᠣᠮᠳᠠᠳᠣ ᠣᠯᠣᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号