ᠲᠦᠯᠦᠬᠡᠯᠡᠭᠴᠢ ᠠᠯᠳ᠋ᠬᠠᠠᠭᠤᠯᠠ᠄ ᠮᠠᠯ ᠠᠵᠤ ᠠᠬᠤᠢ ᠶᠢᠨ ᠠᠵᠤ ᠦᠢᠯᠡᠰ ᠤᠨ ᠲᠤᠮᠦ ᠳ᠋ᠠᠶᠢᠲ᠋ᠠ ᠶᠢᠨ ᠬᠦᠮᠦᠷᠬᠡ ᠶᠢ ᠪᠠᠶᠢᠭᠤᠯᠪᠠᠯ ᠵᠤᠬᠢᠨ᠎ᠠ
ᠨᠡᠶᠢᠲᠡᠯᠡᠭᠰᠡᠨ ᠴᠠᠭ᠄
2021/3/9
     ᠠᠯᠳ᠋ᠬᠠᠠᠭᠤᠯᠠ ᠬᠤᠳᠠ ᠶᠢᠨ ︽ᠬᠤᠶᠠᠷ ᠬᠤᠷᠠᠯ︾ ᠤᠨ ᠠᠷᠠᠳ ᠤᠨ ᠲᠦᠯᠦᠬᠡᠯᠡᠭᠴᠢ ᠪᠤᠯᠤᠭᠰᠠᠨ ᠴᠠᠭ ᠠᠴᠠ ᠪᠠᠨ ︽ᠲᠠᠯ᠎ᠠ ᠨᠤᠲᠤᠭ ᠤᠨ ᠪᠠᠶᠢᠭᠠᠯᠢᠯᠢᠭ ᠪᠦᠲᠦᠬᠡᠭᠳᠡᠬᠦᠨ ᠢ ᠲᠠᠧᠠᠷᠴᠢᠯᠠᠬᠤ ᠲᠤᠬᠠᠢ︾᠂ ︽ᠸᠢᠳᠢᠣ᠋ ᠪᠢᠴᠢᠯᠬᠡ ᠪᠠᠷ ᠲᠠᠮᠵᠢᠭᠤᠯᠤᠨ ᠲᠠᠯ᠎ᠠ ᠨᠤᠲᠤᠭ ᠤᠨ ᠪᠠᠶᠢᠭᠠᠯᠢᠯᠢᠭ ᠢᠳᠡᠬᠡᠨ ᠢᠶᠠᠨ ᠪᠤᠷᠤᠯᠠᠭᠤᠯᠬᠤ ᠵᠠᠮ ᠢ ᠡᠷᠢᠯᠬᠢᠯᠠᠬᠦ ᠲᠤᠬᠠᠢ︾᠂ ︽ᠸᠢᠳᠢᠣ᠋ ᠪᠢᠴᠢᠯᠬᠡ ᠶᠢᠨ ᠡᠬᠦᠳᠬᠦ ᠦᠢᠯᠡᠳᠬᠦ ᠵᠠᠯᠠᠭᠤᠴᠤᠳ ᠢ ᠲᠡᠮᠵᠢᠬᠦ ᠲᠤᠬᠠᠢ︾ ᠵᠡᠷᠬᠡ ᠰᠠᠨᠠᠯ ᠵᠦᠪᠯᠡᠯᠬᠡ ᠶᠢ ᠲᠡᠪᠰᠢᠬᠦᠯᠵᠦ ᠪᠠᠶᠢᠭᠰᠠᠨ ᠶᠤᠮ᠃ ᠡᠳᠡᠬᠡᠷ ᠰᠠᠨᠠᠯ ᠵᠦᠪᠯᠡᠯᠬᠡ ᠨᠢ ᠴᠠᠭ ᠤᠨ ᠠᠶᠠᠰ ᠢᠶᠠᠷ ᠨᠢᠬᠡ ᠨᠢᠬᠡ ᠪᠠᠷ ᠪᠡᠶᠡᠯᠡᠭᠳᠡᠵᠦ᠂ ᠬᠦᠯᠦᠨ ᠪᠤᠶᠢᠷ ᠤᠨ ᠰᠦᠯᠵᠢᠶᠡᠨ ᠤᠲᠤᠳ ᠸᠢᠳᠢᠣ᠋ ᠪᠢᠴᠢᠯᠬᠡ ᠪᠠᠷ ᠲᠠᠮᠵᠢᠭᠤᠯᠤᠨ ᠨᠤᠲᠤᠭ ᠤᠷᠤᠨ ᠤ ᠪᠦᠲᠦᠬᠡᠭᠳᠡᠬᠦᠨ ᠢ ᠨᠡᠩ ᠰᠠᠶᠢᠨ ᠢᠶᠠᠷ ᠤᠬᠠᠭᠤᠯᠤᠨ ᠰᠤᠷᠳᠠᠯᠴᠢᠯᠠᠬᠤ ᠪᠤᠯᠤᠭᠰᠠᠨ ᠢ ᠬᠠᠷᠠᠭᠠᠳ ᠠᠯᠳ᠋ᠬᠠᠠᠭᠤᠯᠠ ᠲᠤᠩ ᠪᠠᠶᠠᠷᠯᠠᠵᠤ ᠪᠠᠶᠢᠯ᠎ᠠ᠃
   
     ᠰᠢᠨ᠎ᠠ ᠪᠠᠷᠭᠤ ᠵᠡᠬᠦᠨ ᠬᠤᠰᠢᠭᠤᠨ ᠤ ᠭᠠᠨᠵᠤᠤᠷ ᠰᠤᠮᠤ ᠶᠢᠨ ᠮᠠᠯᠴᠢᠨ ᠠᠯᠳ᠋ᠬᠠᠠᠭᠤᠯᠠ᠂ ᠮᠠᠯᠵᠢᠬᠤ ᠤᠷᠤᠨ ᠤ ᠵᠠᠯᠠᠭᠤ ᠨᠢᠬᠡᠨ ᠦᠶ᠎ᠠ ᠶᠢᠨ ᠮᠠᠯᠴᠢᠨ ᠲᠦᠯᠦᠬᠡᠯᠡᠭᠴᠢ ᠪᠤᠯᠤᠭᠰᠠᠨ ᠤ ᠬᠤᠪᠢ ᠳᠤ ᠲᠡᠷᠡ ᠪᠠᠶᠢᠡᠭᠭᠤ ᠯᠠ ᠮᠠᠯᠵᠢᠬᠤ ᠤᠷᠤᠨ ᠤ ᠤᠲᠦᠬᠢᠴᠢᠯᠠᠭᠰᠠᠨ ᠬᠦᠭᠵᠢᠯᠳᠡ ᠶᠢᠨ ᠲᠠᠯ᠎ᠠ ᠳᠤ ᠰᠡᠳᠬᠢᠨ ᠪᠤᠲᠤᠯᠬᠢᠯᠠᠵᠤ ᠶᠠᠪᠤᠳᠠᠭ ᠮᠦᠷᠳᠡᠬᠡᠨ ᠪᠠᠰᠠ ᠡᠨᠡ ᠲᠠᠯ᠎ᠠ ᠶᠢᠨ ᠠᠵᠢᠯ ᠢ ᠭᠠᠷᠳᠠᠨ ᠬᠢᠵᠦ ᠪᠠᠶᠢᠳᠠᠭ᠃ᠬᠦᠯᠦᠨ ᠪᠤᠶᠢᠷ ᠤᠨ ᠲᠠᠯ᠎ᠠ ᠨᠤᠲᠤᠭ ᠤᠨ ᠬᠤᠨᠢᠨ ᠮᠢᠬ᠎ᠠ ᠶᠢᠨ ᠨᠡᠷᠡᠲᠦ ᠲᠡᠮᠳᠡᠭ ᠢ ᠡᠬᠦᠳᠴᠦ᠂ ᠪᠤᠬᠢᠷᠳᠤᠯ ᠦᠬᠡᠢ ᠤᠷᠭᠠᠨᠢᠭ ᠮᠠᠯ ᠤᠨ ᠠᠰᠢᠬ ᠰᠢᠮ᠎ᠠ ᠶᠢᠨ ᠲᠠᠪᠠᠭᠤᠯᠢᠭ ᠢᠶᠠᠨ ᠠᠰᠢᠭᠯᠠᠨ ᠮᠠᠯᠵᠢᠬᠤ ᠤᠷᠤᠨ ᠤ ᠤᠲᠦᠬᠢᠴᠢᠯᠠᠭᠰᠠᠨ ᠬᠦᠭᠵᠢᠯᠳᠡ ᠶᠢ ᠠᠬᠢᠭᠤᠯᠵᠤ᠂ ᠰᠢᠨᠵᠢᠯᠡᠬᠦ ᠤᠬᠠᠭᠠᠨᠴᠢ ᠮᠡᠷᠬᠡᠵᠢᠯ ᠢ ᠮᠠᠯ ᠠᠵᠤ ᠠᠬᠤᠢ ᠳᠠᠭᠠᠨ ᠵᠦᠪ ᠢᠶᠠᠷ ᠬᠡᠷᠡᠭᠰᠡᠬᠦ ᠪᠠᠷ ᠲᠠᠷᠡ ᠴᠢᠷᠮᠠᠶᠢᠨ ᠠᠵᠢᠯᠯᠠᠵᠤ ᠢᠷᠡᠵᠠᠢ᠃       ᠠᠯᠳ᠋ᠬᠠᠠᠭᠤᠯᠠ᠄ ︽ᠡᠨᠡ ᠵᠢᠯ ᠤᠨ ︿ᠬᠤᠶᠠᠷ ᠬᠤᠷᠠᠯ﹀ ᠳᠤ ᠲᠤᠮᠦ ᠳ᠋ᠠᠶᠢᠲ᠋ᠠ ᠪᠠᠷ ᠲᠠᠮᠵᠢᠨ ᠮᠠᠯ ᠠᠵᠤ ᠠᠬᠤᠢ ᠶᠢᠨ ᠠᠵᠦ ᠦᠢᠯᠡᠰ ᠤᠨ ᠲᠤᠮᠦ ᠳ᠋ᠠᠶᠢᠲ᠋ᠠ ᠶᠢᠨ ᠬᠦᠮᠦᠷᠬᠡ ᠶᠢ ᠪᠠᠶᠢᠭᠤᠯᠬᠤ ᠲᠤᠬᠠᠢ ᠰᠠᠨᠠᠯ ᠵᠦᠪᠯᠡᠯᠬᠡ ᠪᠠᠨ ᠲᠡᠪᠰᠢᠬᠦᠯᠬᠦ ᠪᠠᠷ ᠪᠠᠶᠢᠨ᠎ᠠ᠃ ᠪᠢᠳᠠᠨ ᠤ ᠪᠡᠯᠴᠢᠬᠡᠷ ᠤᠨ ᠮᠠᠯ ᠠᠵᠤ ᠠᠬᠤᠢ ᠪᠠᠶᠢᠭᠠᠯᠢ ᠶᠢ ᠲᠦᠰᠢᠵᠤ ᠮᠠᠯᠵᠢᠳᠠᠭ᠃ ᠪᠢᠳᠠ ᠲᠤᠮᠦ ᠳ᠋ᠠᠶᠢᠲ᠋ᠠ ᠶᠢ ᠠᠰᠢᠭᠯᠠᠨ ᠮᠠᠯ ᠠᠵᠤ ᠠᠬᠤᠢ ᠶᠢᠨ ᠠᠵᠤ ᠦᠢᠯᠡᠰ ᠤᠨ ᠲᠤᠮᠦ ᠳ᠋ᠠᠶᠢᠲ᠋ᠠ ᠶᠢᠨ ᠬᠦᠮᠦᠷᠬᠡ ᠶᠢ ᠪᠠᠶᠢᠭᠤᠯᠵᠤ᠂ ᠤᠯᠠᠨ ᠵᠢᠯ ᠤᠨ ᠲᠤᠭ᠎ᠠ ᠪᠠᠷᠢᠮᠳᠠ ᠳᠤ ᠰᠤᠲᠤᠯᠤᠯᠳᠠ ᠬᠢᠵᠦ᠂ ᠮᠠᠯᠵᠢᠬᠤ ᠦᠢᠯᠡᠳᠪᠦᠷᠢᠯᠡᠯ ᠳᠡᠭᠡᠨ ᠬᠡᠷᠡᠭᠰᠡᠪᠠᠯ ᠮᠠᠯᠴᠢᠳ ᠤᠨ ᠤᠷᠤᠯᠭ᠎ᠠ ᠨᠡᠩ ᠲᠤᠭᠳᠠᠭᠤᠨ ᠢᠶᠠᠷ ᠨᠡᠮᠡᠭᠳᠡᠵᠦ ᠴᠢᠳᠠᠬᠤ ᠪᠤᠯᠤᠨ᠎ᠠ᠃ ᠵᠢᠱᠢᠶᠠᠯᠡᠪᠠᠯ᠂ ᠮᠠᠯ ᠪᠤᠯᠤᠨ ᠨᠤᠲᠤᠭ ᠪᠡᠯᠴᠢᠬᠡᠷ᠂ ᠮᠠᠯ ᠪᠤᠯᠤᠨ ᠡᠪᠡᠰᠦ ᠪᠤᠷᠲᠤᠭ᠎ᠠ ᠶᠢᠨ ᠬᠡᠷᠡᠭᠰᠡᠬᠦ ᠲᠠᠯ᠎ᠠ ᠳᠤ ᠤᠯᠠᠨ ᠵᠢᠯ ᠤᠨ ᠲᠤᠭ᠎ᠠ ᠪᠠᠷᠢᠮᠳᠠ ᠶᠢ ᠬᠤᠷᠠᠮᠲᠤᠭᠤᠯᠬᠤ ᠪᠠᠷ ᠲᠠᠮᠵᠢᠨ ᠬᠡᠲᠤᠢ ᠮᠠᠯ ᠳᠤ ᠬᠡᠲᠤᠢ ᠨᠤᠲᠤᠭ ᠪᠡᠯᠴᠢᠬᠡᠷ ᠬᠡᠷᠡᠭᠰᠡᠬᠦ᠂ ᠬᠡᠲᠤᠢ ᠡᠪᠡᠰᠦ ᠪᠤᠷᠲᠤᠭ᠎ᠠ ᠤᠷᠤᠬᠤ ᠵᠡᠷᠬᠡ ᠶᠢ ᠨᠡᠩ ᠰᠢᠨᠵᠢᠯᠡᠬᠦ ᠤᠬᠠᠭᠠᠨᠴᠢ ᠪᠠᠷ ᠰᠤᠲᠤᠯᠤᠨ ᠭᠠᠷᠭᠠᠵᠤ ᠪᠤᠯᠬᠤ ᠶᠤᠮ︾ ᠬᠡᠵᠦ ᠶᠠᠷᠢᠨ᠎ᠠ᠃ ᠠᠯᠳ᠋ᠬᠠᠠᠭᠤᠯᠠ ᠲᠦᠯᠦᠭᠡᠯᠡᠭᠴᠢ ᠵᠠᠰᠠᠭ ᠤᠨ ᠤᠷᠲᠤᠨ ᠤ ᠠᠵᠢᠯ ᠤᠨ ᠢᠯᠡᠳᠬᠡᠯ ᠢ ᠰᠤᠨᠤᠰᠤᠭᠠᠳ 2020 ᠤᠨ ᠤ ᠮᠠᠨ ᠤ ᠬᠤᠳᠠ ᠶᠢᠨ ᠨᠡᠶᠢᠭᠡᠮ ᠠᠵᠤ ᠠᠬᠤᠢ ᠶᠢᠨ ᠬᠦᠭᠵᠢᠯᠳᠡ ᠵᠢᠴᠢ ︽ᠠᠷᠪᠠᠨ ᠭᠤᠷᠪᠠᠲᠤᠭᠠᠷ ᠲᠠᠪᠤᠨ ᠵᠢᠯ︾ ᠤᠨ ᠲᠦᠯᠦᠪᠵᠢᠬᠦᠯᠬᠡ ᠶᠢᠨ ᠬᠤᠭᠤᠴᠠᠭᠠᠨ ᠳᠠᠬᠢ ᠠᠵᠢᠯ ᠤᠨ ᠡᠷᠬᠢᠴᠡᠬᠦᠯᠦᠯ᠂ ︽ᠠᠷᠪᠠᠨ ᠲᠦᠷᠪᠡᠲᠦᠬᠡᠷ ᠲᠠᠪᠤᠨ ᠵᠢᠯ︾ ᠤᠨ ᠲᠦᠯᠦᠪᠵᠢᠬᠦᠯᠬᠡ ᠶᠢᠨ ᠬᠤᠭᠤᠴᠠᠭᠠᠨ ᠳᠠᠬᠢ ᠠᠵᠤ ᠠᠬᠤᠢ ᠨᠡᠶᠢᠬᠡᠮ ᠤᠨ ᠬᠦᠭᠵᠢᠯᠳᠡ ᠶᠢᠨ ᠭᠤᠤᠯ ᠬᠠᠷᠠᠯᠳᠠ ᠡᠬᠦᠷᠬᠡ ᠵᠢᠴᠢ 2021 ᠤᠨ ᠤ ᠭᠤᠤᠯᠳᠠᠯᠭ᠎ᠠ ᠲᠠᠢ ᠠᠵᠢᠯ ᠤᠨ ᠲᠤᠬᠢᠷᠠᠭᠤᠯᠤᠯᠳᠠ ᠵᠡᠷᠬᠡ ᠲᠠᠯ᠎ᠠ ᠪᠠᠷ ᠲᠤᠲᠤᠷᠬᠠᠢ ᠤᠢᠢᠯᠠᠭᠠᠵᠦ᠂ ᠨᠤᠲᠤᠭ ᠲᠠᠭᠠᠨ ᠬᠠᠷᠢᠭᠰᠠᠨ ᠤ ᠲᠠᠷᠠᠭ᠎ᠠ ᠮᠠᠯᠴᠢᠨ ᠲᠦᠮᠡᠨ ᠳᠡᠭᠡᠨ ᠲᠠᠮᠵᠢᠭᠤᠯᠤᠨ ᠦᠭᠬᠦ ᠪᠠᠷ ᠪᠡᠯᠡᠬᠡᠨ ᠪᠤᠯᠤᠭᠠᠳ ᠪᠠᠶᠢᠭ᠎ᠠ᠃      ᠠᠯᠳ᠋ᠬᠠᠠᠭᠤᠯᠠ ᠵᠠᠯᠠᠭᠤ ᠮᠠᠯᠴᠢᠨ ᠲᠦᠯᠦᠬᠡᠯᠡᠭᠴᠢ ᠪᠤᠯᠤᠭᠰᠠᠨ ᠤ ᠬᠤᠪᠢ ᠳᠤ ᠬᠦᠳᠡᠭᠡ ᠤᠷᠤᠨ ᠨᠤᠲᠤᠭ ᠤᠨ ᠬᠦᠭᠵᠢᠯᠳᠡ ᠬᠤᠪᠢᠷᠠᠯᠳᠠ ᠳᠤ ᠦᠪᠡᠷ ᠤᠨ ᠵᠠᠯᠠᠭᠤ ᠨᠠᠰᠤ ᠪᠠᠨ ᠵᠤᠷᠢᠭᠤᠯᠤᠨ ᠮᠠᠯᠴᠢᠨ ᠲᠦᠮᠡᠨ ᠤ ᠠᠩᠬᠠᠷᠴᠦ ᠪᠠᠶᠢᠭ᠎ᠠ ᠠᠰᠠᠭᠤᠳᠠᠯ ᠢ ᠲᠤᠰᠬᠠᠨ᠂ ᠰᠢᠨ᠎ᠠ ᠮᠡᠷᠬᠡᠵᠢᠯ ᠢ ᠠᠰᠢᠭᠯᠠᠨ ᠮᠠᠯᠵᠢᠬᠤ ᠤᠷᠤᠨ ᠤ ᠤᠲᠦᠬᠢᠴᠢᠯᠠᠯᠳᠠ ᠶᠢ ᠪᠡᠶᠡᠯᠡᠬᠦᠯᠬᠦ ᠳᠤ ᠬᠦᠴᠦᠨ ᠵᠢᠳᠬᠦᠯ ᠢᠶᠠᠨ ᠦᠵᠡᠬᠦᠯᠦᠨ ᠶᠠᠪᠤᠨ᠎ᠠ᠃                                                  ᠰᠤᠷᠪᠤᠯᠵᠢᠯᠠᠭᠴᠢ᠄ ᠰᠢᠷᠠᠬᠦᠦ  
 
ᠢᠷᠡᠯᠲᠡ᠄ ᠬᠦᠯᠦᠨ ᠪᠤᠶᠢᠷ ᠮᠤᠩᠭᠤᠯ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号