ᠤᠯᠠᠭᠠᠨ ᠴᠤᠪᠠ ᠲᠠᠢ ᠪᠦᠰᠡᠭᠦᠢ ᠤᠰᠤ ᠮᠡᠲᠦ | | | ᠤᠯᠠᠭᠠᠨ ᠴᠤᠪᠠ ᠲᠠᠢ ᠪᠦᠰᠡᠭᠦᠢ ᠤᠰᠤ ᠮᠡᠲᠦ | ᠤᠷᠲᠤ ᠬᠠᠷ᠎ᠠ ᠭᠡᠵᠢᠭᠡ ᠨᠢ ᠤᠷᠤᠰᠬᠤ ᠮᠡᠲᠦ | ᠤᠷᠤᠭᠤᠯ ᠤᠨ ᠬᠢᠨᠢ ᠬᠡ ᠤᠭᠠᠯᠵᠠᠨ ᠳᠣᠯᠭᠢᠶ᠎ᠠ ᠲᠠᠢ | ᠤᠬᠤᠰᠬᠢᠬᠤ ᠨᠢᠳᠦ ᠵᠠᠪᠢ ᠮᠡᠲᠦ | ᠡᠷᠢᠶᠡᠨ ᠠᠯᠴᠢᠭᠤᠷ ᠲᠠᠢ ᠪᠦᠰᠡᠭᠦᠢ ᠬᠤᠩᠬ᠎ᠠ ᠮᠡᠲᠦ | ᠡᠭᠡᠮᠦᠭ ᠮᠥᠩᠭᠦᠨ ᠰᠦᠢᠬᠡ ᠨᠢ ᠳᠠᠩᠭᠢᠨᠠᠬᠤ ᠮᠡᠲᠦ | ᠡᠭᠡᠰᠢᠭ ᠴᠠᠷᠢᠭᠤᠨ ᠳᠠᠭᠤ ᠨᠢ ᠢᠷᠠᠭᠤ ᠤᠶᠠᠩᠭ᠎ᠠ ᠲᠠᠢ | ᠡᠷᠭᠢᠴᠡᠬᠦ ᠨᠢᠳᠦ ᠰᠠᠯᠬᠢᠨ ᠮᠡᠲᠦ | ᠰᠠᠪᠬᠢᠨ ᠭᠤᠲᠤᠯ ᠲᠠᠢ ᠪᠦᠰᠡᠭᠦᠢ ᠰᠠᠷᠠᠨ ᠮᠡᠲᠦ | ᠰᠠᠳᠠᠷᠠᠬᠤ ᠶᠠᠭᠠᠨ ᠲᠤᠶᠠᠭ᠎ᠠ ᠨᠢ ᠰᠢᠯᠦᠭ ᠮᠡᠲᠦ | ᠰᠠᠵᠢᠯᠠᠬᠤ ᠬᠠᠶᠠᠯᠠᠬᠤ ᠭᠠᠷ ᠨᠢ ᠵᠢᠷᠦᠬᠡᠨ ᠤ ᠠᠶᠢᠵᠠᠮ ᠲᠠᠢ | ᠰᠠᠨᠠᠭᠠᠷᠬᠠᠬᠤ ᠨᠢᠳᠦ ᠤᠩᠰᠢᠬᠤ ᠮᠡᠲᠦ | ᠤᠯᠠᠭᠠᠨ ᠴᠤᠪᠠ ᠲᠠᠢ ᠪᠦᠰᠡᠭᠦᠢ ᠢᠯᠠᠮ᠎ᠠ ᠮᠡᠲᠦ | ᠤᠳᠠ ᠶᠢᠨ ᠨᠠᠪᠴᠢᠨ ᠬᠥᠮᠥᠰᠬᠡ ᠨᠢ ᠬᠦᠷᠢ ᠮᠡᠲᠦ | ᠤᠭᠠᠯᠵᠠᠨ ᠬᠡ ᠲᠠᠢ ᠤᠷᠤᠭᠤᠯ ᠨᠢ ᠴᠡᠴᠡᠭ ᠤᠨ ᠦᠨᠦᠷ ᠲᠠᠢ | ᠤᠳᠠᠭᠠᠨ ᠰᠢᠮᠡᠬᠦ ᠨᠢᠳᠦ ᠡᠷᠪᠡᠬᠡᠢ ᠮᠡᠲᠦ | | 2022. 11. 11 | ᠶᠢᠨ ᠬᠤᠣ ᠶᠠᠩ ᠪᠠᠭᠤᠳᠠᠯ ᠳᠤ | |