ᠠᠳᠠᠯ ᠶᠠᠪᠤᠳᠠᠯ ᠤᠨ ᠬᠠᠷᠠᠭ᠎ᠠ ᠪᠠᠷ ᠠᠶᠠᠨ ᠵᠠᠮ ᠳᠤ ᠭᠠᠷᠬᠤ ᠪᠦᠷᠢ ᠬᠤᠪᠴᠠᠰᠤ ᠬᠤᠨᠠᠷ ᠰᠤᠩᠭᠤᠬᠤ ᠠᠴᠠ ᠪᠠᠨ ᠢᠯᠡᠭᠦᠦ ᠶᠠᠮᠠᠷ ᠨᠤᠮ ᠠᠪᠴᠤ ᠶᠠᠪᠤᠳᠠᠭ | ᠪᠢᠯᠡ ᠭᠡᠵᠢ ᠵᠤᠪᠠᠭ᠋ᠤ ᠨᠢ ᠤᠯᠠᠨ᠃ ᠠᠩᠬ᠎ᠠ ᠡᠬᠢᠨ ᠳᠡᠭᠡᠨ ᠠᠯᠢ ᠳᠤᠷᠠᠲᠠᠢ᠂ ᠠᠯᠢ ᠲᠤᠭᠤᠳᠠᠭ ᠨᠤᠮ ᠢᠶᠠᠨ ᠠᠪᠤᠭᠠᠳ ᠭᠠᠷᠳᠠᠭ ᠪᠠᠶᠢᠯ᠎ᠠ᠃ ᠬᠦᠨᠳᠡᠯᠡᠨ ᠬᠠᠷᠢ | ᠨᠤᠲᠤᠭ ᠢᠶᠠᠷ ᠶᠠᠪᠤᠬᠤ ᠮᠠᠨᠢ ᠤᠯᠠᠰᠢᠷᠠᠭᠠᠳ ᠢᠷᠡᠬᠦᠯᠡᠷ ᠬᠠᠭᠠᠨ ᠤ ᠬᠠᠲᠤᠳ ᠰᠢᠭ᠋ ᠭᠠᠩᠭᠠᠩ ᠡᠷᠬᠢᠮᠰᠦᠭ᠂ ᠴᠠᠮᠢᠨ ᠬᠠᠪᠢᠰᠦ ᠲᠠᠢ ᠵᠤᠵᠠᠭᠠᠨ ᠨᠤᠮ | ᠠᠴᠢᠬᠤ ᠠᠴᠠ ᠪᠠᠨ ᠵᠠᠯᠬᠠᠭᠤᠷᠠᠳᠠᠭ ᠪᠤᠯᠤᠬᠰᠠᠨ᠃ ᠬᠠᠷᠢᠨ ᠠᠯᠠᠭᠠᠨ ᠬᠢᠷᠢ ᠴᠦ ᠭᠡᠯᠡ ᠠᠷᠠᠳ ᠤᠨ ᠳᠠᠭᠤᠤ ᠰᠢᠭ᠋ ᠤᠩᠰᠢᠭᠠᠳ ᠤᠩᠰᠢᠭᠠᠳ ᠬᠠᠨᠭ᠍ᠬᠤ ᠦᠭᠡᠢ | ᠵᠦᠭᠡᠯᠡᠨ ᠬᠠᠪᠢᠰᠦ ᠲᠠᠢ᠂ ᠨᠢᠮᠭᠡᠬᠡᠨ ᠨᠤᠮ ᠴᠦᠩᠬᠦᠯᠡᠳᠡᠭ ᠳᠤᠷᠠᠲᠠᠢ ᠪᠤᠯᠵᠠᠢ᠃ ᠠᠶᠠᠨ ᠵᠠᠮ ᠬᠤᠯᠠᠳᠠᠬᠤ ᠲᠤᠰᠤᠮ ᠰᠠᠨᠠᠭ᠎ᠠ ᠰᠡᠳᠬᠢᠯ ᠲᠠᠶᠢᠪᠤᠰᠢᠷᠠᠨ ᠡᠰ ᠪᠦᠬᠦᠨ ᠤ | ᠨᠢᠳᠦ ᠨᠡᠭᠡᠭᠡᠭᠳᠡᠭᠡᠳ ᠢᠷᠡᠳᠡᠭ᠃ ᠡᠨᠡ ᠦᠶ᠎ᠡ ᠳᠤ ᠤᠩᠰᠢᠭᠰᠠᠨ ᠨᠤᠮ ᠠᠴᠠ ᠨᠡᠩ ᠬᠤᠷᠴᠠ᠂ ᠨᠡᠩ ᠡᠯᠪᠡᠭ ᠰᠢᠮ᠎ᠡ ᠲᠡᠵᠢᠭᠡᠯ ᠠᠪᠳᠠᠭ᠃ ᠠᠯᠢ ᠨᠢᠭᠡ ᠴᠠᠭ | ᠮᠦᠴᠡ ᠳᠤ᠂ ᠠᠯᠢ ᠨᠢᠭᠡ ᠨᠤᠮ ᠨᠢ ᠶᠢᠷᠲᠢᠨᠴᠦ ᠶᠢ ᠬᠠᠷᠠᠬᠤ ᠮᠡᠯᠮᠡᠢ ᠶᠢ ᠮᠢᠨᠢ ᠠᠷᠴᠢᠨ ᠲᠤᠩᠭᠠᠯᠠᠬᠰᠢᠭᠤᠯᠤᠨᠠ ᠭᠡᠳᠡᠭ ᠲᠤ ᠪᠦᠷᠢᠨ ᠢᠲᠡᠭᠡᠳᠡᠭ᠃ | ᠬᠦᠬᠡᠬᠤᠲᠠ ᠠᠴᠠ ᠪᠡᠭᠡᠵᠢᠩ ᠬᠦᠷᠬᠦ ᠭᠠᠯᠲᠤ ᠲᠡᠷᠭᠡᠨ ᠳᠤ ᠭᠠᠷᠤᠯ᠎ᠠ᠃ ᠸᠠᠭᠤᠨ ᠳᠦᠭᠦᠷᠡᠩ ᠬᠦᠮᠦᠰ ᠭᠠᠷ ᠤᠲᠠᠰᠤ ᠱᠠᠭᠠᠶᠢᠭᠠᠳ ᠲᠤᠮᠪᠤᠶᠢᠯᠴᠠᠨᠠ᠃ | ᠬᠠᠵᠠᠭᠤ ᠳᠤ ᠰᠠᠭᠤᠭᠰᠠᠨ ᠬᠡᠳᠦᠨ ᠨᠦᠬᠦᠷ ᠶᠡᠭᠡ ᠵᠤᠭᠤᠭ ᠲᠡᠯᠭᠡᠵᠦ ᠶᠢᠷᠲᠢᠨᠴᠦ ᠶᠢ ᠲᠢᠭᠯᠡᠨ᠎ᠡ᠃ ᠵᠤᠭᠤᠭ ᠲᠠᠭᠠᠨ ᠬᠡᠶᠢᠷᠬᠡᠨ ᠰᠢᠯᠦᠰᠦ ᠠᠮᠠ ᠪᠠᠨ ᠦᠰᠦᠷᠭᠡᠵᠦ | ᠠᠮᠲᠠ ᠰᠢᠮᠳᠡ ᠦᠭᠡᠢ᠂ ᠠᠮᠢᠳᠤᠷᠠᠯ ᠳᠠᠭᠠᠨ ᠦᠵᠡᠵᠦ ᠰᠤᠨᠤᠰᠤᠭ᠎ᠠ ᠴᠦ ᠦᠭᠡᠢ ᠶᠠᠭᠤᠮ᠎ᠠ ᠶᠠᠷᠢᠨ ᠮᠡᠳᠡᠮᠡᠬᠡᠶᠢᠷᠡᠬᠦ ᠶᠢ ᠨᠢ ᠦᠵᠡᠭᠡᠳ ᠲᠤᠷ᠎ᠠ ᠦᠭᠡᠶᠢᠴᠡᠯ ᠲᠦᠷᠦᠨ᠎ᠡ᠃ | ᠢᠩᠭᠢᠵᠦ ᠤᠯᠢᠤ ᠰᠤᠯᠢᠤ ᠶᠠᠭᠤᠮ᠎ᠠ ᠶᠠᠷᠢᠵᠤ ᠴᠠᠭ ᠨᠦᠭᠴᠢᠭᠡᠬᠦ ᠶᠤᠮ ᠪᠤᠯ ᠭᠠᠷ ᠤᠲᠠᠰᠤ ᠪᠠᠨ ᠪᠠᠷᠢᠭᠠᠳ ᠲᠤᠬᠢᠯᠵᠠᠨ ᠰᠠᠭᠤᠵᠤ ᠪᠠᠶᠢᠭ᠎ᠠ ᠬᠦᠮᠦᠰ ᠢ ᠴᠦ ᠬᠦᠷᠬᠦ | ᠦᠭᠡᠢ ᠰᠢᠭ ᠪᠤᠳᠤᠭᠳᠠᠯ᠎ᠠ᠃ ᠪᠢ ︽ᠪᠤᠭᠤᠨᠢᠬᠠᠨ ᠵᠤᠨ︾ ᠳᠠᠭᠠᠨ ᠨᠢᠳᠦ ᠴᠢᠬᠢ᠂ ᠵᠢᠷᠦᠬᠡ ᠰᠡᠳᠬᠢᠯ ᠢᠶᠠᠨ ᠦᠭᠭᠦᠨ ᠬᠠᠵᠠᠭᠤ ᠶᠢᠨ ᠶᠢᠷᠲᠢᠨᠴᠦ ᠠᠴᠠ ᠪᠠᠨ | ᠦᠪᠡᠷ ᠢ ᠪᠠᠨ ᠲᠤᠰᠠᠭᠠᠷᠯᠠᠭᠠᠳ ᠵᠠᠯᠠᠭᠤ ᠬᠦᠭᠵᠢᠮ ᠤᠨ ᠵᠤᠬᠢᠶᠠᠯᠴᠢ ᠶᠢᠨ ᠠᠳᠠᠯ ᠠᠮᠢᠳᠤᠷᠠᠯ ᠳᠤ ᠠᠭᠤᠰᠤᠨ ᠶᠠᠪᠤᠯ᠎ᠠ᠃ ᠬᠠᠶᠠ ᠳᠤᠭᠤᠯᠳᠠᠬᠤ ᠭᠠᠯᠲᠤ ᠲᠡᠷᠭᠡᠨ ᠤ | ᠪᠦᠷᠢᠶ᠎ᠡ ᠶᠢᠨ ᠳᠠᠭᠤ ᠶᠠᠭ ᠯᠡ ᠪᠤᠷᠤᠭᠠᠨ ᠤ ᠲᠤᠰᠤᠯ ︽ᠲᠡᠭᠦᠯᠳᠡᠷ ᠬᠤᠭᠤᠷ ᠤᠨ ᠭᠤᠷᠪᠠᠳᠤᠭᠠᠷ ᠨᠠᠢᠮᠡᠴᠡ ᠶᠢᠨ ᠲᠠᠪᠤᠳᠤᠭᠠᠷ ᠲᠠᠷᠤᠯᠲᠠ︾ ᠳᠡᠭᠡᠷ᠎ᠡ | ᠲᠤᠰᠤᠩᠨᠠᠬᠤ ᠳᠤ ᠭᠠᠷᠬᠤ ᠳᠠᠭᠤ ᠮᠡᠲᠦ ᠰᠤᠨᠤᠰᠳᠠᠨ᠎ᠠ᠃ | ᠪᠡᠭᠡᠵᠢᠩ ᠠᠴᠠ ᠬᠦᠬᠡᠬᠤᠲᠠ ᠪᠤᠴᠠᠬᠤ ᠭᠠᠯᠲᠤ ᠲᠡᠷᠭᠡ ᠰᠦᠨᠢ ᠶᠢᠨ ᠠᠷᠪᠠᠨ ᠨᠢᠭᠡᠨ ᠴᠠᠭ ᠲᠤ ᠬᠦᠳᠡᠯᠦᠨ᠎ᠡ᠃ ᠬᠠᠷᠠᠩᠭᠤᠢ ᠪᠦᠷᠤᠢ᠂ ᠹᠦ᠋ ᠶᠢᠨ ᠬᠠᠯᠠᠭᠤᠨ᠂ | ᠦᠢᠮᠡᠯᠳᠦᠨ ᠲᠦᠷᠴᠢᠬᠢᠨᠡᠯᠳᠦᠬᠦ ᠬᠦᠮᠦᠰ᠃ ᠡᠨᠡ ᠤᠷᠴᠢᠨ ᠳᠤ ᠰᠡᠳᠬᠢᠯ ᠤᠨ ᠲᠠᠶᠢᠪᠤᠰᠢᠷᠠᠯ ᠤᠯᠤᠨ᠎ᠠ ᠭᠡᠳᠡᠭ ᠶᠤᠰᠤᠲᠠᠢ ᠲᠠᠮᠤ ᠪᠠᠨ ᠦᠵᠡᠨ᠎ᠡ᠃ | ᠴᠦᠩᠬᠦᠨ ᠠᠴᠠ ᠪᠠᠨ ︽ᠲᠤᠤᠷᠠᠢ ᠶᠢᠨ ᠲᠦᠬᠡᠯ︾ ᠭᠠᠷᠭᠠᠵᠤ ᠤᠷᠪᠠᠭᠤᠯᠤᠯᠠ᠃ ︽ᠪᠤᠶᠠᠨᠲᠦ ᠪᠤᠭᠤᠷᠤᠯ ᠡᠴᠢᠬᠡ ᠶᠢᠨ ᠢᠶᠠᠨ ᠭᠡᠭᠡᠨ ᠳᠤᠷᠠᠰᠬᠠᠯ ᠳᠤ ᠵᠤᠷᠢᠭᠤᠯᠪᠠ︾ | ᠭᠡᠰᠡᠨ ᠨᠢ ᠰᠡᠳᠬᠢᠯ ᠳᠤ ᠲᠠᠭᠠᠯᠠᠭᠳᠠᠭᠰᠠᠭᠠᠷ ᠢᠷᠡᠭᠰᠡᠨ᠃ ᠬᠠᠶᠢᠷᠠᠲᠠᠢ ᠬᠦᠮᠦᠨ ᠳᠡᠭᠡᠨ ᠵᠤᠷᠢᠭᠤᠯᠤᠨ ᠨᠤᠮ ᠪᠦᠲᠦᠭᠡᠨ᠎ᠡ ᠭᠡᠳᠡᠭ ᠶᠠᠮᠠᠷ ᠠᠭᠤᠤ ᠰᠡᠳᠬᠢᠯ ᠪᠤᠢ᠃ | ᠨᠤᠮ ᠤᠨ ᠭᠡᠷᠡᠯ᠂ ᠲᠡᠷᠭᠡᠨ ᠦᠷᠲᠡᠭᠡᠨ ᠤ ᠵᠢᠪᠠᠭᠦᠨ ᠦᠨᠦᠷ ᠪᠤᠯᠤᠨ ᠪᠡᠶ᠎ᠡ ᠶᠢᠨ ᠴᠢᠯᠡᠭᠡ ᠶᠢ ᠠᠷᠴᠢᠭᠰᠠᠨ ᠰᠢᠭ᠋ ᠬᠦᠩᠭᠡᠷᠡᠭᠡᠳ ᠯᠡ ᠶᠠᠪᠤᠴᠢᠬᠠᠯ᠎ᠠ᠃ ᠰᠠᠨᠳᠠᠯᠢ | ᠰᠢᠷᠡᠭᠡ ᠶᠢᠨ ᠳᠡᠭᠡᠭᠦᠷ ᠳᠤᠤᠭᠤᠷ ᠠᠲᠤᠷᠢᠯᠳᠤᠨ ᠬᠡᠪᠲᠡᠵᠦ ᠪᠠᠶᠢᠭ᠎ᠠ ᠬᠦᠭᠰᠢᠨ ᠵᠠᠯᠠᠭᠤ᠂ ᠡᠷᠡᠭᠲᠡᠢ ᠡᠮᠡᠭᠲᠡᠢ ᠮᠠᠬᠠᠪᠤᠳ ᠦᠷᠲᠡᠭᠡ ᠳᠦᠭᠦᠷᠭᠡᠨ᠎ᠡ᠃ ᠤᠶᠤᠨᠳᠦ | ᠳᠡᠭᠡᠳᠦᠰ ᠤᠨ ᠪᠤᠶᠠᠨ ᠵᠠᠶᠠᠭ᠎ᠠ ᠪᠠᠷ ᠬᠦᠮᠦᠨ ᠤ ᠲᠦᠷᠦᠯ ᠠᠷᠠᠯᠵᠢᠵᠤ ᠨᠤᠮ ᠤᠩᠰᠢᠬᠤ ᠬᠤᠪᠢ ᠲᠠᠢ ᠲᠦᠷᠦᠭᠰᠡᠨ ᠮᠢᠨᠢ ᠬᠢᠯᠪᠡᠷ ᠪᠤᠰᠤ ᠭᠡᠳᠡᠭ ᠢ ᠰᠠᠨᠠᠯ᠎ᠠ᠃ | ᠶᠡᠭᠡ ᠴᠠᠰᠤ ᠤᠷᠤᠭᠠᠳ ᠬᠠᠶᠢᠯᠠᠷ ᠠᠴᠠ ᠬᠦᠬᠡᠬᠤᠲᠠ ᠪᠤᠴᠠᠬᠤ ᠨᠢᠰᠭᠡᠯ ᠭᠤᠷᠪᠠᠨ ᠴᠠᠭ ᠰᠠᠭᠠᠲᠠᠪᠠ᠃ ᠶᠠᠩ ᠵᠢᠶᠠᠩ ᠤᠨ ︽ᠪᠢᠳᠡ ᠭᠤᠷᠪᠠ︾ ᠶᠢ ᠠᠪᠤᠯ᠎ᠠ᠃ | ᠦᠨᠳᠦᠷ ᠳᠤᠮᠳᠠᠳᠤ ᠳᠤ ᠰᠤᠷᠴᠤ ᠪᠠᠶᠢᠬᠤ ᠳᠠᠭᠠᠨ ᠡᠨᠡ ᠨᠤᠮ ᠤᠨ ᠰᠤᠷᠠᠭ ᠢ ᠲᠤᠭᠤᠯᠤᠭᠰᠠᠨ ᠪᠤᠯᠪᠠᠴᠤ ᠬᠢᠲᠡᠳ ᠨᠤᠮ ᠦᠩᠭᠡᠷᠡᠤ ᠤᠩᠰᠢᠳᠠᠭ ᠦᠭᠡᠢ ᠠᠴᠠ | ᠰᠡᠳᠬᠢᠯ ᠳᠡᠭᠡᠨ ᠠᠪᠤᠭᠰᠠᠨ ᠦᠭᠡᠢ ᠶᠠᠪᠤᠵᠠᠢ᠃ ᠬᠠᠷᠢᠨ ᠳᠡᠬᠦᠨ ᠢ ᠡᠬᠦᠯᠡ ᠳᠠᠯᠳᠠᠯᠠᠭᠰᠠᠨ ᠤ ᠬᠢᠨᠢ ᠳᠠᠷᠠᠭ᠎ᠠ ᠤᠯᠠᠨ ᠬᠦᠮᠦᠨ ᠤ ᠶᠠᠷᠢᠬᠤ ᠶᠢ ᠰᠤᠨᠤᠰᠤᠭᠠᠳ ᠠᠪᠴᠤ | ᠦᠵᠡᠬᠦ ᠰᠠᠨᠠᠭ᠎ᠠ ᠲᠦᠷᠦᠭᠰᠡᠨ ᠶᠤᠮ᠃ ︽ᠪᠢᠳᠡ ᠭᠤᠷᠪᠠ ᠪᠠᠨ ᠪᠢ ᠭᠠᠭᠴᠠᠭᠠᠷ ᠳᠤᠷᠠᠰᠤᠨ᠎ᠠ︾ ᠬᠡᠮᠡᠬᠦ ᠭᠤᠷᠪᠠᠳᠤᠭᠠᠷ ᠪᠦᠯᠦᠭ ᠪᠤᠯ ᠵᠤᠬᠢᠶᠠᠯᠴᠢ ᠶᠠᠩ ᠵᠢᠶᠠᠩ ᠤᠨ | ᠦᠪᠡᠷ ᠤᠨ ᠭᠡᠷ ᠪᠦᠯᠢ ᠶᠢᠨ ᠢᠶᠠᠨ ᠲᠤᠬᠠᠢ ᠪᠢᠴᠢᠭᠰᠡᠨ ᠬᠠᠯᠠᠭᠤᠨ ᠳᠤᠷᠠᠰᠤᠮᠵᠢ᠃ ᠨᠦᠬᠦᠷ ᠴᠢᠶᠠᠨ ᠵᠦᠩ ᠱᠦ ᠲᠠᠢ ᠪᠠᠨ ᠬᠠᠷᠢ ᠭᠦᠷᠦᠨ ᠳᠤ ᠰᠤᠷᠤᠯᠴᠠᠵᠤ | ᠪᠠᠶᠢᠭᠰᠠᠨ ᠠᠴᠠ ᠪᠠᠨ ᠦᠬᠢᠨ ᠪᠤᠯᠤᠨ ᠡᠪᠦᠭᠡᠨ ᠨᠢ ᠶᠢᠷᠲᠢᠨᠴᠦ ᠶᠢᠨ ᠮᠦᠩᠬᠡ ᠪᠤᠰᠤ ᠶᠢ ᠦᠵᠡᠭᠦᠯᠦᠭᠰᠡᠨ ᠬᠦᠷᠲᠡᠯᠡᠬᠢ ᠬᠠᠯᠠᠭᠤᠨ ᠳᠤᠯᠠᠭᠠᠨ ᠠᠮᠢᠳᠤᠷᠠᠯ ᠤᠨ | ᠳᠤᠷᠠᠰᠤᠮᠵᠢ ᠪᠠᠷ ᠳᠦᠭᠦᠷᠡᠩ᠃ ᠤᠭᠢᠯᠠᠵᠤ ᠤᠩᠰᠢᠯ᠎ᠠ᠃ ᠭᠡᠷ ᠪᠦᠯᠢ ᠲᠠᠢ᠂ ᠵᠤᠷᠢᠬᠤ ᠬᠦᠰᠡᠯ ᠲᠠᠢ᠂ ᠲᠡᠷᠡ ᠮᠦᠷᠲᠡᠯ᠎ᠡ ᠪᠠᠨ ᠬᠠᠮᠤᠭ ᠤᠨ ᠬᠠᠶᠢᠷᠠᠲᠠᠢ ᠬᠦᠮᠦᠰ ᠲᠠᠢ | ᠪᠢᠳᠡᠨ ᠨᠢᠭᠡ ᠰᠠᠷᠠᠪᠴᠢᠨ ᠳᠤ ᠠᠮᠢᠳᠤᠷᠠᠨ᠎ᠠ ᠭᠡᠳᠡᠭ ᠨᠡᠬᠡᠯ ᠬᠠᠲᠠᠭᠤ ᠤᠷᠴᠢᠯᠠᠩ ᠳᠤ ᠡᠭᠡᠯ ᠬᠦᠮᠦᠰ ᠤᠨ ᠡᠳ᠋ᠯᠡᠬᠦ ᠠᠵᠠ ᠵᠢᠷᠭᠠᠯ ᠴᠦ ᠶᠤᠮ ᠤᠤ ᠳ᠋ᠠ᠃ | ᠬᠠᠮᠢᠭ᠎ᠠ ᠴᠦ ᠬᠦᠷᠦᠭᠰᠡᠨ ᠴᠦᠩᠭᠦᠨ ᠳᠤ ᠮᠢᠨᠢ ᠳᠠᠭᠠᠭᠠᠳ ᠯᠠ ᠶᠠᠪᠤᠳᠠᠭ ᠨᠢ ︽ᠤᠳᠬ᠎ᠠ ᠶᠢᠨ ᠴᠢᠮᠡᠭ︾᠃ ᠤᠯᠠᠨ ᠰᠠᠶᠢᠬᠠᠨ ᠪᠤᠭᠤᠨᠢ ᠦᠭᠦᠯᠡᠯᠭᠡ ᠪᠠᠷ | ᠪᠦᠲᠦᠭᠰᠡᠨ ᠡᠨᠡ ᠨᠤᠮ ᠳᠠᠭᠠᠨ ᠪᠢ ᠮᠠᠰᠢ ᠬᠠᠶᠢᠷᠠᠲᠠᠢ᠃ ᠤᠩᠰᠢᠬᠤ ᠪᠦᠷᠢ ᠠᠮᠲᠠ ᠨᠢ ᠤᠨᠳᠤᠤ᠃ ︽ᠡᠷᠡᠬᠡᠢ ᠳᠠᠷᠤᠮ᠎ᠠ ᠵᠠᠢ ᠳᠤ ᠮᠢᠩᠭᠠᠨ ᠵᠠᠭᠠᠨ︾᠂ ᠶᠠᠳᠠᠭᠤ | ᠬᠦᠮᠦᠨ ᠤ ᠤᠬᠠᠭᠠᠨ ᠠᠴᠠ ᠲᠦᠷᠦᠭᠰᠡᠨ ᠤᠬᠠᠭᠠᠨ᠃ ᠬᠦᠮᠦᠨ ᠢ ᠪᠤᠤ ᠪᠠᠰᠤ ᠭᠡᠳᠡᠭ ᠳ᠋ᠡ᠃ ︽ᠨᠤᠲᠤᠭ ᠤᠨ ᠲᠡᠩᠬᠡᠬᠡ︾᠂ ᠨᠤᠲᠤᠭ ᠠᠮᠢᠲᠠᠢ ᠬᠦᠮᠦᠨ ᠳᠤ | ᠨᠤᠲᠤᠭ ᠠᠴᠠ ᠨᠢ ᠦᠭᠡᠷ᠎ᠡ ᠬᠦᠴᠦ ᠲᠠᠮᠢᠷ ᠰᠡᠯᠪᠢᠵᠤ ᠦᠭᠭᠦ ᠭᠠᠵᠠᠷ ᠬᠠᠮᠢᠭ᠎ᠠ ᠪᠠᠶᠢᠬᠤ ᠪᠤᠢ᠃ ︽ᠦᠷᠡᠲᠦ ᠠᠮᠢᠲᠠᠨ︾᠂ ᠬᠡᠯᠡ ᠦᠭᠡᠢ ᠠᠮᠢᠲᠠᠨ ᠬᠦᠷᠲᠡᠯ᠎ᠡ | ᠦᠷ᠎ᠡ ᠶᠢᠨ ᠢᠶᠠᠨ ᠲᠦᠯᠦᠭᠡ ᠦᠨᠦᠴᠢᠨ ᠡᠯᠢᠭᠡ ᠨᠢ ᠦᠨᠳᠡᠯᠵᠡᠳᠡᠭ ᠢ ᠬᠡᠨ ᠡᠰᠡ ᠤᠬᠠᠬᠤ ᠪᠢᠯᠡ ᠳ᠋ᠠ᠃ ︽ᠪᠢᠳᠡ ᠢᠯᠠᠪᠠ︾᠂ ᠬᠠᠭᠤᠴᠢᠨ ᠰᠢᠷᠬ᠎ᠠ ᠰᠡᠲᠡᠷᠡᠭᠡᠵᠦ | ᠲᠡᠥᠬᠡ ᠦᠨᠡᠨ ᠢ ᠦᠯᠦ ᠢᠯᠭᠠᠬᠤ ᠪᠤᠯᠤᠭᠰᠠᠨ ᠤᠳᠤ ᠴᠠᠭ ᠤᠨ ᠮᠠᠶᠢᠮᠠᠢ ᠶᠢᠨ ᠮᠦᠩᠭᠦᠨ ᠳᠤ ᠲᠤᠯᠳᠦ᠋ᠢᠳᠠᠬᠤ ᠶᠠᠳᠠᠭᠤ ᠤᠬᠠᠭᠠᠨ ᠁ ᠡᠨᠡ ᠤᠯᠠᠨ ᠰᠠᠶᠢᠬᠠᠨ | ᠦᠭᠦᠯᠡᠯᠭᠡ ᠨᠦᠭᠦᠳ ᠢ ᠤᠩᠰᠢᠬᠤ ᠳᠤ ᠶᠠᠭ ᠯᠡ ᠵᠢᠷᠤᠭ᠎ᠠ ᠮᠤᠷᠢ ᠤᠨᠤᠭᠰᠠᠨ ᠶᠤᠮ ᠰᠢᠭ᠋ ᠯᠡ ᠰᠠᠶᠢᠬᠠᠨ ᠮᠡᠳᠡᠷᠡᠮᠵᠢ ᠦᠭᠳᠡᠭ᠃ ᠮᠤᠩᠭᠤᠯ ᠬᠡᠯᠡ᠂ ᠰᠡᠳᠬᠢᠬᠦᠢ ᠶᠢᠨ | ᠭᠠᠶᠢᠬᠠᠮᠰᠢᠭ᠃ ᠪᠢ ᠬᠠᠮᠢᠭ᠎ᠠ ᠬᠦᠷᠪᠡᠯ ᠨᠤᠮ ᠤᠳ ᠮᠢᠨᠢ ᠳᠠᠭᠠᠭᠠᠳ ᠲᠡᠨᠳᠡ ᠬᠦᠷᠦᠨ᠎ᠡ᠃ ᠨᠤᠮ ᠢᠶᠠᠨ ᠡᠭᠦᠷᠦᠭᠡᠳ ᠶᠠᠪᠤᠵᠤ ᠪᠠᠶᠢᠨ᠎ᠠ ᠭᠡᠭᠴᠢ ᠦᠪᠡᠷ ᠤᠨ ᠲᠠᠨᠢᠬᠤ | ᠭᠡᠵᠦ ᠪᠠᠶᠢᠭ᠎ᠠ ᠶᠢᠷᠲᠢᠨᠴᠦ ᠪᠠᠨ ᠡᠭᠦᠷᠦᠭᠡᠳ ᠶᠠᠪᠤᠵᠤ ᠪᠠᠶᠢᠨ᠎ᠠ ᠯᠡ ᠭᠡᠵᠦ ᠪᠢ ᠪᠤᠳᠤᠳᠠᠭ ᠶᠤᠮ᠃ | ᠶᠠᠪᠤᠳᠠᠭ ᠨᠤᠮ᠂ ᠶᠠᠪᠤᠳᠠᠭ ᠶᠢᠷᠲᠢᠨᠴᠦ᠃ | |