ᠵᠣᠬᠢᠶᠠᠭᠴᠢ᠄ ᠯ᠊ · ᠰᠣᠨᠢᠨ | ᠠᠪᠤ ᠮᠢᠨᠢ ᠪᠥᠭᠲᠥᠷ ᠠᠨᠵᠢᠰᠤ ᠪᠠᠷ ᠠᠮᠢᠳᠤᠷᠠᠯ ᠤᠨ ᠨᠢᠷᠤᠭᠤ ᠶᠢ ᠲᠤᠯᠵᠤ ᠶᠠᠪᠤᠭᠰᠠᠨ ᠣᠮᠤᠭ ᠪᠣᠰᠤᠭ᠎ᠠ ᠰᠦᠷ᠃ ᠨᠤᠲᠤᠭ ᠤᠨ ᠢᠶᠠᠨ ᠪᠣᠷᠣ ᠲᠣᠯᠣᠭᠠᠳ | ᠰᠢᠭ᠋ ᠨᠠᠮᠬᠠᠨ ᠭᠢᠷᠢᠨ᠎ᠡ ᠦᠷ᠎ᠡ ᠶᠢᠨ ᠢᠶᠠᠨ ᠰᠡᠳᠬᠢᠯ ᠳᠤ ᠠᠭᠤᠯᠠᠰ ᠤᠨ ᠨᠣᠶᠠᠨ ᠰᠠᠷᠢᠳᠠᠭ ᠰᠢᠭ᠋ ᠰᠦᠮᠪᠦᠷᠯᠡᠳᠡᠭ ᠬᠠᠯᠢᠯ ᠥᠨᠳᠥᠷ ᠬᠠᠳᠠ᠃ ᠠᠨᠢᠷ ᠦᠭᠡᠢ ᠠᠭᠤᠳᠠᠮ᠂ | ᠬᠠᠷᠠᠭ᠎ᠠ ᠮᠤᠬᠤᠮᠠ ᠲᠠᠷᠢᠶᠠᠨ ᠭᠠᠵᠠᠷ ᠲᠠᠭᠠᠨ ᠡᠵᠡᠨ ᠵᠢᠪᠬᠤᠭ᠎ᠠ ᠪᠠᠳᠠᠷᠠᠭᠠᠨ ᠰᠦᠨᠳᠡᠷᠯᠡᠬᠦ ᠠᠪᠤ ᠮᠢᠨᠢ ᠲᠠᠷᠢᠶᠠᠴᠢᠨ᠃ | ᠤᠷᠭᠤᠬᠤ ᠨᠠᠷᠠᠨ ᠤ ᠤᠯᠠᠪᠢᠷ ᠰᠢᠷ᠎ᠠ ᠱᠠ ᠨᠥᠮᠥᠷᠦᠭᠰᠡᠭᠡᠷ ᠬᠥᠯᠭᠡ ᠶᠢᠨ ᠦᠬᠡᠷ ᠢᠶᠠᠨ ᠰᠢᠪᠠᠳᠠᠨ ᠲᠠᠷᠢᠶᠠᠨ ᠳᠠᠭᠠᠨ ᠭᠠᠷᠬᠤ ᠳᠤ ᠬᠤᠭᠤᠷ ᠤᠨ ᠦᠯᠢᠭᠡᠷ ᠤᠨ | ᠪᠠᠭᠠᠲᠤᠷ ᠰᠢᠭ᠋ ᠰᠦᠷᠯᠢᠭᠦᠨ᠂ ᠪᠤᠭᠤᠷᠤᠯ ᠬᠠᠶᠢᠯᠠᠰᠤ ᠰᠢᠭ᠋ ᠲᠣᠭᠲᠠᠭᠤᠨ ᠬᠠᠷᠠᠭᠳᠠᠨ᠎ᠠ᠃ ᠦᠬᠡᠷ ᠠᠨᠵᠢᠰᠤ ᠪᠠᠷ ᠦᠨᠡᠨ ᠤ ᠮᠥᠷ ᠲᠠᠮᠠᠭᠠᠯᠠᠨ ᠶᠠᠪᠤᠬᠤ ᠳᠤ | ᠡᠭᠦᠷᠦᠭᠰᠡᠨ ᠬᠤᠯᠤ ᠠᠴᠠ ᠨᠢ ᠬᠦᠰᠡᠯ ᠤᠨ ᠦᠷ᠎ᠡ ᠴᠤᠪᠤᠷᠠᠨ᠎ᠠ᠃ ᠡᠬᠡ ᠭᠠᠵᠠᠷ ᠤᠨ ᠡᠩᠭᠡᠷ ᠠᠴᠠ ᠰᠤᠭᠤᠷᠠᠨ ᠰᠤᠭᠤᠷᠠᠬᠤ ᠲᠠᠷᠢᠶᠠᠨ ᠴᠢᠬᠢ ᠠᠴᠠ ᠭᠦᠳᠡᠯᠮᠤᠷᠢ | ᠲᠡᠮᠡᠴᠡᠯ ᠤᠨ ᠰᠠᠷᠠᠭᠤᠯ ᠤᠬᠠᠭᠠᠨ ᠤᠷᠭᠤᠵᠦ᠂ ᠬᠥᠯᠵᠢᠵᠦ ᠳᠡᠭᠵᠢᠷᠡᠬᠦ ᠶᠢᠨ ᠤᠷᠳᠤ ᠠᠶᠠᠨ ᠥᠯᠮᠡᠢ ᠳᠣᠣᠷ᠎ᠠ ᠠᠴᠠ ᠨᠢ ᠡᠬᠢᠯᠡᠨ᠎ᠡ᠃ ᠠᠷᠠᠯ ᠤᠨ ᠱᠠᠷ ᠤᠨ | ᠠᠮᠤᠭᠤᠯᠠᠩ ᠠᠯᠬᠤᠭ᠎ᠠ ᠲᠠᠭᠠᠨ ᠤᠷᠤᠭᠰᠢᠯᠠᠬᠤ ᠢᠳᠡᠷᠡᠭᠦᠨ ᠬᠥᠯ ᠤᠨ ᠬᠢᠨᠢ ᠮᠥᠷ ᠪᠦᠷᠢ ᠲᠠᠷᠢᠶᠠᠨ ᠵᠤᠷᠬ᠎ᠠ ᠪᠠᠷ ᠳᠤᠷᠠᠶᠢᠨ ᠦᠯᠡᠳᠡᠵᠦ ᠬᠥᠯᠥᠰᠦᠨ ᠳᠡᠭᠡᠨ | ᠳᠡᠪᠲᠦᠭᠰᠡᠨ ᠪᠣᠷᠣ ᠬᠠᠨᠵᠢᠶᠠᠷ ᠠᠴᠠ ᠨᠢ ᠨᠠᠷᠠᠨ ᠤ ᠦᠨᠦᠷ ᠬᠠᠩᠬᠤᠯᠤᠭᠰᠠᠨ ᠲᠠᠷᠢᠶᠠᠴᠢᠨ ᠠᠪᠤ ᠮᠢᠨᠢ ᠳᠡᠭᠵᠢᠷᠡᠬᠦ ᠬᠠᠪᠤᠷ ᠤᠨ ᠤᠶᠠᠩᠭ᠎ᠠ ᠪᠢᠯᠡ᠃ | ᠥᠷᠥᠮᠡᠨ ᠰᠢᠷᠭᠠᠯ ᠭᠡᠭᠡ ᠬᠥᠰᠢᠭᠡᠯᠡᠵᠦ ᠠᠪᠤ ᠮᠢᠨᠢ ᠠᠷᠴᠢᠭᠤᠷ ᠢᠶᠠᠨ ᠮᠥᠷᠥᠯᠡᠭᠡᠳ ᠭᠠᠷᠤᠨ᠎ᠠ᠃ ᠥᠷᠯᠥᠭᠡ ᠶᠢᠨ ᠴᠡᠪᠡᠷ ᠠᠭᠠᠷ ᠲᠤ ᠠᠭᠤᠰᠬᠢᠨ ᠪᠣᠬᠢ | ᠴᠡᠪᠡᠷᠰᠢᠵᠦ ᠪᠤᠭᠤᠷᠤᠯ ᠰᠡᠪᠡᠯᠭᠡ ᠶᠢᠨ ᠬᠢᠨᠢ ᠮᠥᠩᠭᠦᠨ ᠰᠢᠷᠬᠡᠭ ᠰᠢᠭᠦᠳᠡᠷᠢ ᠶᠢᠨ ᠰᠤᠪᠤᠳ ᠮᠥᠬᠦᠯᠢᠭ ᠲᠤ ᠭᠢᠯᠠᠯᠵᠠᠨ᠂ ᠮᠠᠩᠨᠠᠢ ᠶᠢᠨ ᠬᠢᠨᠢ ᠬᠤᠨᠢᠶᠠᠰᠤ ᠲᠠᠷᠢᠶᠠᠨ | ᠲᠠᠯᠠᠩ ᠲᠠᠢ ᠢᠵᠢᠯᠢᠬᠡᠨ ᠵᠤᠷᠠᠶᠢᠵᠤ᠂ ᠬᠤᠨᠢᠨ ᠪᠣᠷᠣ ᠨᠢᠳᠦᠨ ᠳᠤᠨᠢ ᠬᠤᠯᠠ ᠶᠢᠨ ᠲᠥᠰᠥᠪ ᠵᠢᠷᠤᠭᠯᠠᠭᠳᠠᠨ᠎ᠠ᠃ ᠰᠢᠰᠢ᠂ ᠨᠠᠷᠢᠮᠤ ᠬᠠᠯᠢᠭᠤᠷᠠᠨ ᠳᠣᠯᠭᠢᠶᠠᠯᠠᠵᠤ᠂ | ᠨᠣᠭᠤᠭᠠᠨ ᠰᠢᠷ᠎ᠠ ᠪᠤᠷᠴᠠᠭ ᠨᠣᠮᠢᠨ ᠬᠥᠬᠡ ᠳᠠᠪᠠᠯᠭ᠎ᠠ ᠲᠠᠲᠠᠨ᠎ᠠ᠃ ᠵᠤᠯᠠᠶᠢᠳᠠᠭᠤᠯᠵᠦ ᠳᠠᠷᠤᠭᠰᠠᠨ ᠨᠠᠪᠲᠠᠭᠠᠷ ᠮᠠᠯᠠᠭᠠᠢ ᠨᠢ ᠵᠤᠨ ᠤ ᠬᠤᠷᠴᠠ ᠨᠠᠷᠠᠨ ᠳᠤ ᠤᠩᠭᠤᠵᠤ᠂ | ᠭᠠᠩᠳᠠᠭᠰᠠᠨ ᠪᠣᠷᠣ ᠳᠡᠪᠡᠯ ᠨᠢ ᠬᠡᠭᠡᠷ᠎ᠡ ᠶᠢᠨ ᠰᠠᠯᠬᠢᠨ ᠳᠤ ᠲᠡᠯᠪᠡᠯᠵᠡᠨᠡ᠃ ᠵᠣᠷᠢᠭᠰᠠᠨ ᠵᠢᠳᠬᠦᠭᠰᠡᠨ ᠪᠦᠭᠦᠨ ᠳᠡᠭᠡᠨ ᠵᠠᠪᠠᠯ ᠬᠦᠷᠬᠦ ᠶᠢᠨ ᠰᠢᠵᠠᠭᠤᠷ ᠵᠠᠭᠤᠨ᠂ ᠣᠨ | ᠵᠠᠭᠤᠨ ᠤ ᠤᠯᠠ ᠳᠤ ᠬᠠᠭᠰᠠᠷᠠᠭᠰᠠᠨ ᠪᠢᠯᠡᠭᠦᠦ ᠪᠠᠨ ᠤᠰᠤᠯᠠᠨ᠎ᠠ᠃ ᠬᠥᠮᠥᠨ ᠵᠤᠨ ᠤ ᠬᠥᠭᠵᠢᠯ ᠴᠡᠴᠡᠭᠯᠡᠯ ᠤᠨ ᠴᠡᠯᠡᠭᠡᠷ ᠲᠡᠨᠵᠢᠨ ᠳᠤ ᠲᠠᠷᠢᠶᠠᠴᠢᠨ ᠠᠪᠤ ᠮᠢᠨᠢ ᠲᠤᠭ | ᠪᠣᠯᠣᠨ ᠨᠠᠮᠢᠷᠠᠨ᠎ᠠ᠃ | ᠣᠭᠲᠠᠷᠭᠤᠢ ᠶᠢᠨ ᠭᠦᠨ ᠴᠡᠭᠡᠯ ᠳᠤ ᠪᠤᠴᠠᠬᠤ ᠭᠠᠯᠠᠭᠤᠳ ᠵᠡᠯᠡᠯᠡᠨ ᠨᠠᠮᠤᠷ ᠤᠨ ᠰᠢᠷᠭᠠᠯ ᠨᠠᠷᠠᠨ ᠥᠨᠳᠥᠷ ᠲᠤ ᠨᠠᠯᠠᠶᠢᠨ ᠰᠠᠭᠠᠲᠠᠵᠤ ᠰᠢᠵᠢᠷ ᠥᠩᠭᠡ ᠪᠠᠷ | ᠭᠢᠯᠪᠠᠨ᠎ᠠ᠃ ᠬᠠᠳᠤᠯᠠᠩ ᠳᠤ ᠰᠠᠨᠳᠤᠤ ᠭᠢᠯᠠᠯᠵᠠᠨ ᠱᠠᠭᠢᠵᠤ ᠡᠷ᠎ᠡ ᠵᠣᠷᠢᠭ ᠡᠯᠢᠭᠡᠨ ᠲᠠᠮᠢᠷ ᠮᠥᠷᠦ᠋ᠢᠴᠡᠭᠰᠡᠨ ᠡᠷᠡᠴᠦᠳ ᠤᠨ ᠬᠦᠩᠭᠢᠨᠡᠮ᠎ᠡ ᠢᠨᠢᠶᠡᠳᠦ ᠰᠣᠨᠣᠷ ᠤᠨ | ᠦᠵᠦᠭᠦᠷ ᠴᠤᠤᠷᠢᠶᠠᠲᠤᠨ᠎ᠠ᠃ ᠡᠪᠡᠰᠦᠨ ᠪᠤᠬᠠᠯ ᠤᠮᠪᠤ ᠴᠤᠮᠪᠤ ᠵᠡᠷᠭᠡᠯᠡᠭᠳᠡᠨ ᠥᠬᠢᠳ ᠪᠡᠷᠢᠶᠡᠳ ᠳᠠᠭᠤᠤ ᠠᠶᠠᠯᠤᠨ ᠮᠢᠰᠢᠯᠵᠡᠨᠡ᠃ ᠲᠡᠷᠲᠡᠭᠡ ᠭᠤᠯᠢᠶ᠎ᠠ ᠵᠢᠷᠭᠢᠨ | ᠴᠠᠷᠴᠠᠬᠠᠢ ᠴᠠᠷᠭᠢᠵᠤ ᠡᠷᠳᠡᠨᠢ ᠰᠢᠰᠢ ᠶᠢᠨ ᠵᠢᠯᠠᠭᠠᠨ ᠳᠡᠭᠡᠭᠦᠷ ᠦᠶ᠎ᠡ ᠦᠶ᠎ᠡ ᠰᠡᠷᠢᠭᠦᠨ ᠰᠠᠯᠬᠢ ᠰᠡᠪᠢᠯᠵᠡᠬᠦ ᠨᠢ ᠲᠠᠭᠠᠲᠠᠢ ᠰᠠᠶᠢᠬᠠᠨ᠃ ᠭᠤᠣᠯ ᠴᠤᠭᠤᠯᠤᠬᠰᠠᠨ | ᠬᠥᠮᠥᠰ ᠪᠣᠭᠤᠵᠢ ᠲᠠᠢ ᠰᠢᠯᠦᠬᠡᠢ ᠪᠠᠨ ᠵᠡᠷᠭᠡᠯᠡᠨ ᠬᠠᠳᠤᠭᠤᠷ ᠤᠨ ᠢᠷ ᠬᠠᠳᠠ ᠭᠠᠶᠢᠬᠠᠭᠤᠯᠤᠨ᠎ᠠ᠃ ᠦᠲᠦᠷᠮ᠎ᠡ ᠶᠢᠨ ᠲᠣᠯᠢ ᠳᠤ ᠪᠤᠯᠤ ᠲᠡᠩᠭᠡᠯᠢᠭ ᠨᠠᠷᠠᠨ ᠵᠥᠪ | ᠡᠷᠭᠢᠵᠦ ᠡᠷᠬᠡᠰ ᠣᠷᠴᠢᠯᠠᠩ ᠤᠨ ᠣᠷᠴᠢᠯ ᠤᠯᠠᠷᠢᠯ ᠤᠨ ᠵᠢᠩᠳᠠᠭᠠᠨ ᠳᠤ ᠨᠢᠭᠡᠨ ᠨᠠᠰᠤ ᠨᠡᠮᠡᠵᠦ ᠰᠢᠨ᠎ᠡ ᠡᠷᠳᠡᠨᠢ ᠰᠢᠰᠢ ᠢᠳᠡᠵᠡᠭᠡᠨ᠎ᠡ᠃ ᠲᠠᠷᠢᠶᠠᠨ ᠳᠤ ᠦᠯᠡᠳᠡᠭᠡᠭᠰᠡᠨ | ᠪᠠᠶᠠᠨ ᠰᠠᠬᠠᠯ ᠣᠨ ᠣᠨ ᠤ ᠡᠯᠪᠡᠭ ᠬᠤᠷᠢᠶᠠᠯᠲᠠ ᠶᠢ ᠪᠡᠯᠭᠡᠯᠡᠨ᠎ᠡ᠃ ᠦᠲᠦᠷᠮ᠎ᠡ ᠶᠢᠨ ᠢᠷᠦᠭᠡᠯ᠂ ᠪᠤᠯᠤ ᠶᠢᠨ ᠮᠢᠯᠢᠶᠠᠯᠭ᠎ᠠ ᠲᠠᠩᠰᠤᠭ ᠠᠮᠢᠳᠤᠷᠠᠯ ᠢ ᠵᠥᠩᠨᠡᠨ᠂ ᠠᠵᠠ | ᠵᠢᠷᠭᠠᠯ ᠤᠨ ᠬᠤᠷᠤᠢ ᠰᠢᠪᠰᠢᠨ᠎ᠡ᠃ ᠲᠠᠷᠢᠶᠠᠴᠢᠨ ᠠᠪᠤ ᠮᠢᠨᠢ ᠡᠯᠪᠡᠭ ᠬᠤᠷᠢᠶᠠᠯᠲᠠ ᠶᠢᠨ ᠡᠭᠡᠰᠢᠭ ᠳᠠᠭᠤᠤ ᠬᠠᠩᠭᠢᠨᠠᠭᠤᠯᠤᠨ᠎ᠠ᠃ | ᠡᠪᠦᠯ ᠤᠨ ᠤᠷᠳᠤ ᠰᠥᠨᠢ ᠬᠠᠷ᠎ᠠ ᠴᠠᠢ ᠪᠠᠨ ᠪᠦᠷᠢᠨ᠂ ᠬᠠᠭᠤᠷᠤᠭᠰᠠᠨ ᠡᠷᠳᠡᠨᠢ ᠰᠢᠰᠢ ᠵᠠᠵᠢᠯᠵᠤ ᠬᠠᠭᠤᠴᠢᠨ ᠰᠢᠨ᠎ᠡ ᠵᠣᠭᠤᠭ ᠰᠡᠯᠪᠢᠨ ᠴᠠᠭᠠᠯᠠᠭᠰᠠᠨ | ᠡᠷᠳᠡᠨᠢ ᠰᠢᠰᠢ ᠲᠣᠮᠣᠵᠤ ᠲᠤᠰᠤᠨ ᠳ᠋ᠧᠩ ᠤᠨ ᠭᠤᠣᠯ ᠪᠠᠳᠮᠠᠯᠠᠲᠠᠯᠠ ᠰᠠᠭᠤᠵᠠᠭᠠᠨ᠎ᠠ᠃ ᠮᠥᠩᠭᠦᠨ ᠰᠠᠷ᠎ᠠ ᠮᠥᠰᠥᠲᠦ ᠡᠪᠦᠯ ᠤᠨ ᠵᠤᠯᠠᠢ ᠶᠢ ᠦᠨᠦᠰᠦᠨ ᠵᠢᠷᠭᠠᠬᠤ ᠳᠤ | ᠭᠦᠭᠡᠭᠡ ᠡᠪᠦᠯ ᠤᠨ ᠤᠷᠳᠤ ᠰᠥᠨᠢ ᠳᠤ ᠬᠦᠰᠡᠯ ᠵᠡᠭᠦᠳᠦ ᠦᠷᠭᠦᠯᠵᠢᠯᠡᠨ᠎ᠡ᠃ ᠴᠠᠭᠠᠨ ᠰᠠᠷ᠎ᠠ ᠶᠢᠨ ᠴᠡᠴᠡᠭᠲᠦ ᠫᠤᠤᠵᠢᠩ ᠵᠠᠳᠠᠷᠠᠨ ᠰᠠᠷᠨᠢᠵᠤ ᠰᠢᠨ᠎ᠡ ᠵᠢᠯ ᠤᠨ | ᠰᠣᠯᠣᠩᠭᠠᠨ ᠬᠦᠰᠡᠯ ᠳᠡᠯᠭᠡᠭᠳᠡᠨ᠎ᠡ᠃ | ᠲᠠᠷᠢᠶᠠᠴᠢᠨ ᠠᠪᠤ ᠮᠢᠨᠢ ᠬᠥᠯᠳᠡᠭᠦᠦ ᠡᠪᠦᠯ ᠢ ᠬᠦᠰᠡᠯ ᠤᠨ ᠠᠯᠠᠭᠠᠨ ᠳᠠᠭᠠᠨ ᠪᠦᠪᠠᠶᠢᠯᠡᠵᠦ ᠬᠡᠦᠬᠡᠨ ᠬᠠᠪᠤᠷ ᠤᠨ ᠠᠮᠢᠵᠢᠷᠠᠯ ᠤᠨ ᠲᠦᠯᠦ ᠶᠢ ᠠᠰᠠᠭᠠᠨ᠎ᠠ᠃ | ᠲᠠᠷᠢᠶᠠᠴᠢᠨ᠂ ᠡᠭᠡᠯ ᠶᠡᠷᠦᠮᠳᠡᠭ ᠠᠵᠢᠯ ᠲᠦᠷᠦᠯ᠂ ᠶᠠᠨᠳᠠᠰᠢ ᠦᠭᠡᠢ ᠡᠷᠬᠡ ᠲᠠᠷᠬᠠᠨ ᠦᠢᠯᠡᠰ ᠬᠥᠭᠡᠭᠡᠴᠡᠯᠳᠦᠯ᠃ ᠣᠨ ᠵᠢᠯ ᠤᠨ ᠤᠷᠤᠰᠬᠠᠯ ᠳᠤ ᠠᠪᠤ ᠶᠢᠨ ᠨᠢᠷᠤᠭᠤ | ᠪᠥᠭᠲᠦ᠋ᠢᠵᠡᠢ᠂ ᠠᠨᠵᠢᠰᠤᠨ ᠪᠦᠭᠦ ᠰᠢᠭ᠃ ᠣᠳᠣᠳ ᠤᠨ ᠭᠢᠯᠪᠠᠭ᠎ᠠ ᠠᠪᠤ ᠶᠢᠨ ᠮᠢᠨᠢ ᠮᠡᠯ ᠬᠠᠷ᠎ᠠ ᠭᠡᠵᠢᠭᠡ ᠶᠢ ᠭᠢᠷᠠᠭᠤᠳᠤᠭᠤᠯᠵᠠᠢ᠂ ᠮᠥᠩᠭᠦᠨ ᠤᠲᠠᠰᠤ ᠰᠢᠭ᠃ | ᠠᠪᠤ ᠮᠢᠨᠢ ᠣᠷᠣᠰᠢᠯ ᠲᠣᠭᠲᠠᠨᠢᠯ ᠤᠨ ᠲᠡᠦᠬᠡ ᠳᠠᠷᠤᠮᠠᠯᠯᠠᠨ ᠦᠭᠡ ᠲᠠᠭᠤᠨ ᠦᠭᠡᠢ ᠲᠠᠷᠢᠶᠠᠨ ᠵᠤᠷᠬ᠎ᠠ ᠪᠠᠷ ᠵᠢᠳᠬᠦᠭᠰᠡᠭᠡᠷ᠃ ᠠᠵᠠ ᠵᠢᠷᠭᠠᠯᠲᠤ ᠠᠮᠢᠳᠤᠷᠠᠯ ᠵᠤᠷᠬ᠎ᠠ | ᠵᠤᠷᠬ᠎ᠠ ᠪᠠᠷ ᠵᠢᠷᠤᠭᠯᠠᠭᠳᠠᠭᠰᠠᠭᠠᠷ ᠁ ᠴᠢᠯᠠᠭᠤᠨ ᠵᠡᠪᠰᠡᠭ ᠤᠨ ᠦᠶ᠎ᠡ ᠠᠴᠠ ᠴᠠᠭ ᠤᠨ ᠬᠠᠭᠤᠳᠠᠰᠤ ᠶᠢ ᠪᠢᠴᠢᠭᠯᠡᠭᠰᠡᠭᠡᠷ ᠢᠷᠡᠭᠰᠡᠨ ᠨᠠᠷᠠᠨ ᠤ ᠪᠣᠷᠣ ᠲᠠᠷᠢᠶᠠᠴᠢᠳ | ᠦᠶ᠎ᠡ ᠶᠢᠨ ᠦᠶ᠎ᠡ ᠶᠢᠨ ᠲᠤᠮᠳᠠᠳᠤ ᠶᠢᠨ ᠠᠷᠠᠳ ᠲᠦᠮᠡᠨ ᠢ ᠲᠡᠵᠢᠭᠡᠨ ᠥᠰᠬᠡᠭᠰᠡᠭᠡᠷ ᠢᠷᠡᠭᠰᠡᠨ ᠶᠤᠮ᠃ | ᠨᠠᠷᠠᠨ ᠤ ᠪᠣᠷᠣ ᠲᠠᠷᠢᠶᠠᠴᠢᠳ᠂ ᠨᠠᠷᠠᠨ ᠠᠴᠠ ᠣᠶᠢᠷᠠᠬᠠᠨ ᠰᠡᠳᠬᠢᠯ ᠤᠨ ᠵᠠᠢ ᠲᠠᠢ ᠥᠶᠥᠭ ᠠᠮᠢᠳᠤᠷᠠᠯ ᠢᠶᠠᠨ ᠴᠣᠭᠴᠠᠯᠠᠨ᠎ᠠ᠂ ᠨᠠᠷᠠᠨ ᠠᠴᠠ ᠣᠶᠢᠷᠠᠬᠠᠨ | ᠤᠬᠠᠭᠠᠨ ᠤ ᠬᠥᠷᠥᠩᠭᠡ ᠲᠠᠢ ᠲᠠᠩᠰᠤᠭ ᠨᠡᠶᠢᠭᠡᠮ ᠢ ᠪᠦᠲᠦᠭᠡᠨ ᠪᠠᠶᠢᠭᠤᠯᠤᠨ᠎ᠠ᠃ | |