ᠰᠢᠲᠠᠮᠠᠬᠠᠢ ᠬᠡᠢ ᠶᠢ ᠵᠥᠪ ᠬᠡᠷᠡᠭᠯᠡᠭᠡᠷᠡᠢ
  
2023/9/20
    ᠭᠤᠮ ᠬᠤᠭᠤᠯᠠᠢ ᠶᠢ ᠬᠡᠲᠦᠷᠬᠡᠢ ᠤᠷᠲᠤ ᠬᠤᠭᠤᠴᠠᠭ᠎ᠠ ᠪᠠᠷ ᠬᠡᠷᠡᠭᠯᠡᠵᠦ ᠪᠣᠯᠬᠤ ᠦᠭᠡᠢ           ᠰᠢᠲᠠᠮᠠᠬᠠᠢ ᠬᠡᠢ ᠶᠢ ᠬᠡᠷᠡᠭᠯᠡᠬᠦ ᠦᠶᠡᠰ᠂ ᠭᠤᠮ ᠬᠤᠭᠤᠯᠠᠢ ᠶᠢ 18 ᠰᠠᠷ᠎ᠠ ᠬᠡᠷᠡᠭᠯᠡᠪᠡᠯ ᠪᠠᠶᠢᠴᠠᠭᠠᠬᠤ ᠬᠡᠷᠡᠭᠲᠡᠢ᠂ ᠴᠠᠭ ᠲᠤᠬᠠᠢ ᠳᠤᠨᠢ ᠭᠤᠮ ᠬᠤᠭᠤᠯᠠᠢ ᠪᠠ  ᠳᠠᠷᠤᠯᠲᠠ ᠶᠢ ᠪᠠᠭᠤᠷᠠᠭᠤᠯᠬᠤ ᠨᠡᠭᠡᠯᠬᠡᠢ ᠶᠢ ᠰᠣᠯᠢᠵᠤ᠂ ᠬᠡᠢ ᠯᠡᠪᠡᠷᠡᠬᠦ ᠠᠴᠠ ᠰᠡᠷᠭᠡᠶᠢᠯᠡᠨ᠎ᠡ᠃ ᠭᠤᠮ ᠬᠤᠭᠤᠯᠠᠢ ᠶᠢᠨ ᠤᠷᠲᠤ ᠶᠢ 2 ᠮᠧᠲᠷ ᠠᠴᠠ ᠬᠡᠲᠦᠷᠡᠭᠦᠯᠵᠦ  ᠪᠣᠯᠬᠤ ᠦᠭᠡᠢ᠃          ᠵᠣᠬᠢᠰ ᠲᠠᠢ ᠬᠠᠳᠠᠭᠠᠯᠠᠨ᠎ᠠ          ᠰᠢᠲᠠᠮᠠᠬᠠᠢ ᠬᠡᠢ ᠶᠢ ᠡᠷᠬᠡᠪᠰᠢ ᠰᠠᠯᠬᠢ ᠨᠡᠪᠲᠡᠷᠡᠬᠦ ᠲᠣᠭᠤᠭᠠᠨ ᠭᠡᠷ ᠲᠤ ᠬᠡᠷᠡᠭᠯᠡᠨ᠎ᠡ᠂ ᠬᠡᠢ ᠯᠡᠪᠡᠷᠡᠪᠡᠯ ᠴᠠᠭ ᠲᠤᠬᠠᠢ ᠳᠤᠨᠢ ᠰᠠᠯᠬᠢ ᠨᠡᠪᠲᠡᠷᠡᠭᠦᠯᠵᠦ᠂ ᠬᠦᠮᠦᠨ  ᠬᠤᠣᠷᠳᠠᠭᠳᠠᠬᠤ ᠪᠠ ᠭᠠᠯ ᠤᠨ ᠠᠶᠤᠯᠭᠠᠷᠬᠤ ᠠᠴᠠ ᠵᠠᠶᠢᠯᠠᠰᠬᠢᠬᠤ ᠬᠡᠷᠡᠭᠲᠡᠢ᠃ ᠡᠭᠦᠨ ᠠᠴᠠ ᠭᠠᠳᠠᠨ᠎ᠠ᠂ ᠰᠢᠲᠠᠮᠠᠬᠠᠢ ᠬᠡᠢ ᠶᠢ ᠡᠷᠬᠡᠪᠰᠢ ᠤᠨᠲᠠᠬᠤ ᠥᠷᠥᠭᠡ᠂ ᠠᠮᠠᠷᠠᠬᠤ  ᠦᠷᠦᠭᠡ ᠠᠴᠠ ᠲᠤᠰᠠᠭᠠᠷᠯᠠᠵᠤ᠂ ᠰᠠᠯᠬᠢ ᠨᠡᠪᠲᠡᠷᠡᠬᠦ ᠨᠦᠬᠦᠴᠡᠯ ᠢ ᠡᠷᠬᠡᠪᠰᠢ ᠪᠦᠷᠢᠯᠳᠦᠭᠦᠯᠬᠦ ᠬᠡᠷᠡᠭᠲᠡᠢ᠃          ᠰᠢᠲᠠᠮᠠᠬᠠᠢ ᠬᠡᠢ ᠯᠡᠪᠡᠷᠡᠪᠡᠯ ᠳᠠᠷᠤᠶᠢᠬᠠᠨ ᠪᠠᠶᠢᠴᠠᠭᠠᠨ᠎ᠠ          ᠰᠢᠲᠠᠮᠠᠬᠠᠢ ᠬᠡᠢ ᠯᠡᠪᠡᠷᠡᠪᠡᠯ ᠠᠮᠠᠷᠬᠠᠨ ᠦᠨᠦᠷᠲᠦᠭᠳᠡᠨ᠎ᠡ᠂ ᠦᠮᠡᠬᠡᠢ ᠦᠨᠦᠷ ᠦᠨᠦᠷᠲᠦᠪᠡᠯ᠂ ᠡᠷᠬᠡᠪᠰᠢ ᠴᠣᠩᠬᠤ ᠪᠠᠨ ᠨᠡᠭᠡᠭᠡᠵᠦ᠂ ᠰᠢᠲᠠᠮᠠᠬᠠᠢ ᠬᠡᠢ ᠶᠢᠨ  ᠵᠤᠤᠬ᠎ᠠ᠂ ᠰᠢᠲᠠᠮᠠᠬᠠᠢ ᠬᠡᠢ ᠶᠢᠨ ᠨᠡᠭᠡᠯᠡᠬᠡᠢ ᠪᠠᠨ ᠬᠠᠭᠠᠭᠰᠠᠨ ᠡᠰᠡᠬᠦ ᠶᠢ ᠪᠠᠶᠢᠴᠠᠭᠠᠬᠤ ᠬᠡᠷᠡᠭᠲᠡᠢ᠃ ᠬᠠᠭᠠᠭᠰᠠᠨ ᠤ ᠳᠠᠷᠠᠭ᠎ᠠ ᠪᠠᠰᠠ ᠦᠮᠡᠬᠡᠢ ᠦᠨᠦᠷ ᠲᠠᠢ ᠪᠣᠯ  ᠰᠢᠲᠠᠮᠠᠬᠠᠢ ᠬᠡᠢ ᠶᠢᠨ ᠺᠤᠮᠫᠠᠨᠢ ᠶᠢᠨ ᠠᠵᠢᠯᠲᠠᠨ ᠲᠠᠢ ᠳᠠᠷᠤᠶᠢᠬᠠᠨ ᠬᠠᠷᠢᠯᠴᠠᠵᠤ ᠪᠠᠶᠢᠴᠠᠭᠠᠯᠭᠠᠬᠤ ᠬᠡᠷᠡᠭᠲᠡᠢ᠃ ᠲᠤᠰᠬᠠᠢ ᠮᠡᠷᠭᠡᠵᠢᠯ ᠤᠨ ᠬᠦᠮᠦᠰ ᠬᠦᠷᠴᠦ  ᠢᠷᠡᠬᠦ ᠠᠴᠠ ᠡᠮᠦᠨ᠎ᠡ᠂ ᠶᠠᠭᠠᠬᠢᠭᠰᠠᠨ ᠴᠤ ᠦᠷᠦᠭᠡᠨ ᠳᠤ ᠪᠠᠨ ᠰᠠᠭᠤᠵᠤ ᠪᠣᠯᠬᠤ ᠦᠭᠡᠢ᠂ ᠳ᠋ᠧᠩ ᠠᠰᠠᠭᠠᠵᠤ ᠪᠣᠯᠬᠤ ᠦᠭᠡᠢ᠂ ᠨᠡᠩ ᠴᠦ ᠢᠯᠡ ᠭᠠᠯ ᠬᠡᠷᠡᠭᠯᠡᠵᠦ  ᠪᠣᠯᠬᠤ ᠦᠭᠡᠢ᠃          ᠰᠢᠲᠠᠮᠠᠬᠠᠢ ᠪᠣᠳᠠᠰ ᠢ ᠵᠤᠤᠬᠠᠨ ᠠᠴᠠ ᠬᠤᠯᠠ ᠲᠠᠯᠪᠢᠨ᠎ᠠ          ᠰᠢᠲᠠᠮᠠᠬᠠᠢ ᠬᠡᠢ ᠶᠢᠨ ᠵᠤᠤᠬ᠎ᠠ ᠶᠢᠨ ᠡᠷᠭᠢᠨ ᠲᠣᠭᠤᠷᠢᠨ ᠳᠤ ᠲᠤᠰᠣᠨ ᠯᠣᠩᠬᠤ᠂ ᠠᠷᠢᠬᠢᠨ ᠯᠣᠩᠬᠤ᠂ ᠪᠠᠭᠰᠤᠷᠭ᠎ᠠ ᠶᠢᠨ ᠯᠣᠩᠬᠤ ᠵᠡᠷᠭᠡ ᠲᠣᠭᠤᠭᠠᠨ ᠭᠡᠷ ᠲᠤ  ᠦᠷᠭᠦᠯᠵᠢ ᠬᠡᠷᠡᠭᠯᠡᠳᠡᠭ ᠡᠯ᠎ᠡ ᠵᠦᠢᠯ ᠤᠨ ᠪᠣᠳᠠᠰ ᠢ ᠲᠠᠯᠪᠢᠵᠤ ᠪᠣᠯᠬᠤ ᠦᠭᠡᠢ᠃ ᠪᠠᠰᠠ ᠴᠠᠭᠠᠰᠤᠨ ᠬᠠᠶᠢᠷᠴᠠᠭ᠂ ᠬᠤᠯᠤᠰᠣᠨ ᠰᠠᠭᠰᠤ ᠵᠡᠷᠭᠡ ᠪᠣᠳᠠᠰ ᠢ ᠲᠠᠯᠪᠢᠵᠤ  ᠪᠣᠯᠬᠤ ᠦᠭᠡᠢ᠂ ᠭᠠᠯ ᠭᠠᠷᠬᠤ ᠠᠴᠠ ᠵᠠᠶᠢᠯᠠᠰᠬᠢᠬᠤ ᠬᠡᠷᠡᠭᠲᠡᠢ᠃
       