| ᠵᠣᠬᠢᠶᠠᠭᠴᠢ᠄ ᠪᠤᠷᠵᠢᠭᠢᠨ ᠢᠯᠠᠯᠲᠠ | | ᠬᠠᠪᠤᠷ ᠤᠨ ᠰᠠᠯᠬᠢᠨ ᠪᠠᠷᠠᠭᠤᠨ ᠬᠤᠶᠢᠨ᠎ᠠ ᠠᠴᠠ ᠬᠤᠶᠢᠰᠠᠭᠠᠨᠠᠵᠦ ᠪᠠᠶᠢᠭᠰᠠᠨ ᠢᠶᠠᠨ ᠦᠳᠡ ᠥᠩᠭᠡᠷᠡᠭᠡᠳ ᠤᠯᠠᠮ ᠰᠢᠷᠦᠭᠦᠰᠴᠦ ᠡᠬᠢᠯᠡᠪᠡ᠃ ᠳᠠᠷᠪᠠᠭᠠᠨ | ᠲᠡᠭᠡᠭ ᠤᠨ ᠡᠩᠭᠡᠷ ᠲᠧ ᠪᠠᠶᠢᠷᠢᠯᠠᠭᠰᠠᠨ ᠬᠤᠸᠠᠷ ᠨᠠᠰᠤᠲᠠᠨ ᠤ ᠨᠡᠭᠦᠷᠡᠰᠦᠨ ᠭᠡᠷ ᠤᠨ ᠬᠢᠨᠢ ᠬᠠᠵᠠᠭᠤ ᠳᠤ ᠲᠠᠯᠪᠢᠬᠰᠠᠨ ᠠᠷᠤᠭ ᠬᠠᠪᠰᠠᠷᠭ᠎ᠠ ᠰᠠᠯᠬᠢᠨ ᠳᠤ ᠪᠣᠮᠪᠣᠭ | ᠳᠣᠮᠪᠣᠭ ᠭᠡᠭᠰᠡᠭᠡᠷ ᠪᠠᠶᠢᠭᠠᠳ ᠪᠥᠮᠪᠥᠷᠢᠭᠡᠳ ᠶᠠᠪᠤᠬᠤ ᠨᠢ ᠲᠡᠷᠡ᠃ | ᠭᠡᠷ ᠤᠨ ᠬᠢᠨᠢ ᠪᠠᠷᠠᠭᠤᠨ ᠡᠮᠦᠨ᠎ᠡ ᠡᠪ ᠳᠦᠢ ᠶᠢ ᠨᠢ ᠳᠤᠬᠢᠷᠠᠭᠤᠯᠵᠤ ᠪᠠᠷᠢᠭᠰᠠᠨ ᠮᠠᠯ ᠤᠨ ᠬᠤᠷᠤᠭ᠎ᠠ ᠬᠠᠷᠠᠭᠳᠠᠨ᠎ᠠ᠃ ᠲᠡᠷᠡ ᠵᠢᠯ ᠤᠨ ᠬᠠᠷ᠎ᠠ ᠬᠤᠵᠢᠷ ᠰᠠᠷ᠎ᠠ᠂ | ᠪᠠᠭ᠎ᠠ ᠰᠠᠭ᠎ᠠ ᠭᠠᠷ ᠦᠵᠦᠭᠦᠷ ᠲᠧ ᠵᠠᠷᠤᠳᠠᠭ ᠡᠳ᠋ ᠢᠶᠠᠨ ᠠᠷᠤᠭ ᠲᠠᠭᠠᠨ ᠰᠠᠪᠠᠯᠠᠵᠤ ᠢᠨᠵᠢ ᠶᠢᠨ ᠦᠭᠡᠷ ᠳᠡᠭᠡᠷ᠎ᠡ ᠪᠠᠨ ᠠᠴᠢᠭᠠᠳ ᠡᠨᠡ ᠠᠶᠢᠯ ᠤᠨ ᠡᠭᠦᠳᠡ ᠶᠢ | ᠠᠯᠬᠤᠭᠰᠨᠨ ᠠᠴᠠ ᠬᠤᠸᠠᠷ ᠨᠠᠰᠤᠲᠠᠨ ᠭᠠᠯ ᠵᠠᠯᠠᠭᠤ ᠭᠠᠯᠪᠢᠷᠬᠠᠨ ᠪᠡᠶ᠎ᠡ ᠪᠠᠨ ᠠᠳᠡ ᠡᠯᠡᠭᠡᠭᠡᠳ ᠦᠨᠦ ᠬᠦᠷᠴᠡᠢ᠃ ᠬᠡᠳᠦᠢ ᠲᠥᠯ ᠳᠤᠰᠴᠤ ᠬᠡᠳᠦᠢ ᠶᠢ | ᠤᠨᠳᠤᠷᠤᠭᠤᠯᠤᠭᠰᠠᠨ᠂ ᠬᠡᠴᠢᠨᠡᠨ ᠤᠳᠠᠭ᠎ᠠ ᠬᠠᠰᠢᠶ᠎ᠠ ᠬᠦᠷᠢᠶ᠎ᠡ ᠪᠠᠨ ᠰᠡᠯᠪᠢᠵᠦ ᠵᠠᠰᠠᠭᠰᠠᠨ᠂ ᠬᠡᠳᠦᠢ ᠤᠯᠠᠨ ᠠᠷᠭᠠᠯ ᠬᠤᠷᠭᠤᠯ ᠰᠢᠷᠪᠢᠵᠦ ︵ᠱᠥᠭᠦᠷᠳᠡᠵᠦ︶ ᠡᠨᠡ | ᠠᠶᠢᠯ ᠤᠨ ᠲᠣᠭᠤᠨᠣ ᠠᠴᠠ ᠤᠳᠤᠭ᠎ᠠ ᠪᠣᠷᠭᠢᠭᠤᠯᠤᠭᠰᠠᠨ ᠢ ᠴᠠᠶᠢᠭᠰᠠᠨ ᠭᠡᠵᠢᠭᠡ ᠶᠢᠨ ᠬᠢᠨᠢ ᠰᠢᠷᠬᠡᠭ ᠤᠨ ᠲᠤᠭ᠎ᠠ᠂ ᠴᠢᠷᠠᠢ ᠳᠦᠭᠦᠷᠡᠩ ᠥᠷᠴᠢᠯᠡᠭᠡᠰᠦ᠂ ᠴᠠᠭ ᠤᠨ | ᠰᠠᠯᠬᠢ ᠶᠢ ᠳᠠᠭᠠᠭᠠᠵᠤ ᠶᠠᠳᠠᠮ᠎ᠠ ᠪᠣᠯᠣᠭᠰᠠᠨ ᠪᠥᠭᠳᠥᠷ ᠨᠢᠷᠤᠭᠤ ᠨᠢ ᠯᠠ ᠲᠡᠮᠲᠡᠭᠯᠡᠭᠰᠡᠨ ᠪᠠᠶᠢᠬ᠎ᠠ ᠳ᠋ᠠ᠃ ᠡᠨᠡ ᠡᠳᠦᠷ ᠮᠥᠨ ᠴᠤ ᠲᠡᠨᠳᠡ ᠪᠠᠨ ᠬᠡᠳᠦᠨ ᠮᠠᠭᠤ | ᠲᠥᠯ ᠤᠨ ᠳᠠᠭᠤᠨ ᠳᠤ ᠰᠡᠳᠬᠢᠯ ᠢᠶᠠᠨ ᠪᠠᠶᠠᠰᠬᠠᠵᠤ᠂ ᠡᠪᠡᠰᠦ ᠪᠣᠷᠳᠤᠭ᠎ᠠ ᠲᠡᠵᠢᠭᠡᠵᠦ ᠪᠠᠶᠢᠭᠰᠠᠨ ᠨᠠᠰᠣᠲᠠᠨ ᠠᠷᠤᠭ ᠴᠠᠭᠠᠰᠢ ᠪᠥᠮᠪᠥᠷᠢᠬᠦ ᠶᠢ ᠣᠯᠵᠤ ᠬᠠᠷᠠᠭᠠᠳ | ᠮᠠᠶᠢᠵᠢᠭ ᠬᠤᠶᠠᠷ ᠬᠥᠯ ᠢᠶᠠᠨ ᠲᠦᠷᠭᠡᠨ ᠲᠦᠷᠭᠡᠨ ᠰᠣᠯᠪᠢᠴᠠᠭᠤᠯᠤᠨ ᠠᠮᠠᠳᠠᠵᠤ ᠬᠦᠶᠦᠭᠰᠡᠨ ᠴᠤ ᠣᠨ ᠵᠢᠯ ᠢ ᠬᠡᠴᠢᠨᠡᠨ ᠴᠤ ᠬᠡᠶᠢᠰᠭᠡᠴᠢᠬᠡᠭᠰᠡᠨ ᠰᠠᠯᠬᠢᠨ | ᠨᠠᠰᠤᠲᠠᠨ ᠢ ᠥᠷᠥᠪᠲᠥᠭᠡ ᠦᠭᠡᠢ᠃ ᠶᠠᠭᠠᠬᠢᠵᠤ ᠴᠤ ᠠᠮᠵᠢᠭ᠎ᠠ ᠦᠭᠡᠢ ᠬᠠᠵᠠᠭᠤ ᠪᠠᠷ ᠨᠢ ᠱᠥᠷᠭᠦᠮᠡ ᠲᠤᠭᠠᠨ ᠤ ᠠᠯᠳᠠᠭᠠᠳ ᠭᠠᠷᠭᠠᠴᠢᠬᠠᠯ᠎ᠠ᠃ | ᠠᠷᠪᠠᠨ ᠨᠠᠢᠮᠠ ᠲᠠᠢ ᠲᠡᠷᠡ ᠵᠢᠯ ᠤᠨ ᠬᠠᠪᠤᠷ ᠠᠷᠤᠭ ᠢᠶᠠᠨ ᠡᠭᠦᠷᠴᠦ ᠠᠷᠭᠠᠯ ᠳᠤ ᠶᠠᠪᠤᠬᠰᠠᠨ ᠢᠢᠡᠨ ᠪᠣᠲᠣᠵᠦ ᠠᠮᠵᠢᠪᠠ᠃ ᠪᠡᠯᠴᠢᠭᠡᠷ ᠤᠨ ᠵᠠᠬ᠎ᠠ ᠬᠦᠷᠬᠦ ᠳᠤ | ᠬᠤᠶᠠᠷ ᠬᠤᠴᠠ ᠮᠥᠷᠭᠦᠯᠳᠦᠭᠡᠳ ᠰᠠᠯᠤᠯᠴᠠᠬᠤ ᠦᠭᠡᠢ ᠪᠠᠶᠢᠬᠤ ᠪᠠᠷ ᠨᠢ ᠠᠷᠤᠭ ᠢᠶᠠᠨ ᠬᠤᠷᠦ᠋ᠢᠯᠳᠤᠨ ᠪᠠᠶᠢᠵᠤ ᠰᠠᠯᠭᠠᠬᠤ ᠭᠡᠵᠦ ᠪᠠᠶᠢᠳᠠᠯ᠎ᠠ ᠣᠭᠤᠰᠣᠷ ᠨᠢ | ᠮᠣᠯᠲᠥᠷᠡᠵᠦ ᠰᠠᠯᠬᠢᠨ ᠳᠤ ᠬᠡᠶᠢᠰᠴᠢᠬᠡᠪᠡ᠃ ᠲᠡᠷᠡ ᠡᠳᠦᠷ ᠤᠨ ᠰᠠᠯᠬᠢᠨ ᠰᠦᠷᠡᠬᠡᠢ ᠶᠡᠭᠡ ᠪᠠᠶᠢᠬᠰᠠᠨ᠃ ᠠᠷᠤᠬ ᠤᠨ ᠢᠢᠡᠨ ᠬᠤᠶᠢᠨ᠎ᠠ ᠠᠴᠠ ᠨᠢ ᠬᠥᠭᠡᠭᠡᠬᠦ ᠳᠤᠲᠤᠮ | ᠬᠤᠶᠠᠭᠤᠯᠠ ᠶᠢᠨ ᠵᠠᠢ ᠬᠤᠯᠠᠳᠠᠬᠰᠠᠭᠠᠷ ᠪᠠᠶᠢᠯ᠎ᠠ᠃ ᠵᠠᠯᠠᠭᠤ ᠶᠢᠨ ᠣᠮᠤᠭ ᠢᠶᠠᠷ ᠠᠮᠠᠨ ᠠᠴᠠ ᠪᠠᠨ ᠴᠢᠰᠤ ᠠᠮᠲᠠᠭᠳᠠᠲᠠᠯᠠ ᠬᠥᠭᠡᠭᠡᠭᠰᠡᠨ ᠴᠤ ᠬᠦᠢᠴᠡᠭᠡ ᠦᠭᠡᠢ ᠨᠢᠳᠤ | ᠬᠠᠷᠠᠩᠭᠤᠶᠢᠯᠠᠨ ᠬᠥᠯ ᠱᠠᠷᠬᠢᠷᠠᠵᠤ ᠤᠨᠲᠠᠷᠠᠨ ᠡᠪᠦᠳᠦᠭᠯᠡᠵᠦ ᠤᠨᠠᠪᠠ᠃ ᠭᠡᠨᠡᠳᠲᠡ ᠬᠠᠵᠠᠭᠤ ᠳᠤᠨᠢ ᠮᠣᠷᠢ ᠲᠤᠷᠭᠢᠬᠤ ᠳᠤ ᠳᠠᠪ ᠬᠢᠨ ᠪᠤᠰᠪᠠᠯ᠄ | — ᠬᠠᠪᠤᠷ ᠴᠠᠭ ᠤᠨ ᠬᠤᠴᠠ ᠮᠦᠷᠭᠦᠯᠳᠦᠭᠡᠳ ᠬᠠᠮᠢᠭ᠎ᠠ ᠬᠥᠷᠬᠦᠪ᠂ ᠬᠠᠷᠢᠨ ᠬᠠᠪᠤᠷ ᠤᠨ ᠰᠠᠯᠬᠢᠨ ᠲᠠᠢ ᠮᠥᠷᠦ᠋ᠴᠡᠭᠰᠡᠨ ᠢ ᠴᠢᠨᠢ ᠪᠤᠯ ᠲᠣᠭᠤᠯ᠎ᠠ ᠭᠡᠵᠦ | ᠰᠢᠷᠭ᠎ᠠ ᠮᠣᠷᠢ ᠤᠨᠤᠬᠰᠠᠨ ᠵᠠᠯᠠᠭᠤ ᠠᠷᠤᠭ ᠢ ᠨᠢ ᠪᠠᠷᠢᠴᠢᠬᠠᠭᠰᠠᠨ ᠵᠣᠭᠰᠣᠨ᠎ᠠ᠃ | — ᠠᠳᠤᠭᠤ ᠪᠠᠨ ᠠᠯᠳᠠᠭᠠᠳ ᠠᠷᠤᠭ ᠪᠠᠷᠢᠳᠠᠭ ᠠᠳᠤᠭᠤᠴᠢᠨ ᠢ ᠠᠩᠬ᠎ᠠ ᠦᠵᠡᠯ᠎ᠡ ᠭᠡᠵᠦ ᠬᠡᠯᠡᠭᠡᠳ ᠢᠴᠢᠭᠰᠡᠨ ᠪᠤᠯᠪᠠᠴᠤ ᠲᠤᠯᠤᠭᠠᠳ ᠢᠷᠡᠭᠦᠯᠡᠷ ᠨᠣᠬᠠᠢ | ᠤᠰᠤᠴᠢ ᠪᠣᠯᠳᠠᠭ ᠭᠡᠨ᠎ᠡ ᠯᠠᠢ ᠭᠡᠵᠦ ᠦᠪᠡᠷ ᠢ ᠪᠠᠨ ᠦᠮᠦᠭᠯᠡᠪᠡ᠃ | — ᠬᠠᠪᠤᠷ ᠴᠠᠭ ᠤᠨ ᠠᠯᠳᠠᠭᠰᠠᠨ ᠠᠳᠤᠭᠤᠨ ᠳᠤ ᠬᠠᠮᠢᠭ᠎ᠠ ᠬᠦᠷᠦᠭᠰᠡᠨ ᠴᠤ ᠡᠵᠡᠨ ᠭᠠᠷᠬᠤ ᠦᠭᠡᠢ ᠪᠠᠶᠢᠬᠤ ᠳ᠋ᠠ᠂ ᠬᠠᠷᠢᠨ ᠪᠡᠯᠴᠢᠭᠡᠷ ᠠᠴᠠ ᠭᠠᠷᠤᠭᠰᠠᠨ | ᠠᠷᠤᠭ ᠲᠧ ᠡᠵᠡᠨ ᠪᠠᠶᠢᠳᠠᠭ ᠪᠤᠯᠪᠠᠤ ᠭᠡᠵᠦ ᠬᠠᠶᠢᠵᠤ ᠶᠠᠪᠤᠵᠤ ᠪᠠᠶᠢᠨ᠎ᠠ᠃ | — ᠦᠨᠳᠦᠰᠦ ᠪᠠᠷ ᠭᠦᠷᠦᠭᠰᠡᠨ ᠢ ᠦᠵᠡᠪᠡᠯ ᠬᠠᠷᠭᠠᠨ᠎ᠠ ᠡᠵᠡᠨ ᠨᠢ ᠪᠠᠶᠢᠯᠭᠦᠢ᠂ ᠰᠤᠷ ᠢᠶᠠᠷ ᠪᠣᠭᠤᠭᠰᠠᠨ ᠢ ᠦᠵᠡᠪᠡᠯ ᠥᠭᠡᠷᠴᠢᠨ ᠡᠵᠡᠨ ᠨᠢ ᠪᠠᠶᠢᠯᠭᠦᠢ | ᠭᠡᠵᠦ ᠭᠡᠵᠢᠭᠡ ᠲᠠᠢ ᠪᠠᠨ ᠣᠷᠣᠯᠳᠣᠨ ᠠᠮᠢᠰᠬᠤᠭ᠎ᠠ ᠪᠠᠨ ᠬᠢᠴᠢᠶᠡᠨ᠎ᠡ᠃ | — ᠵᠠ᠂ ᠡᠭᠡᠷᠡᠮ᠎ᠡ ᠲᠠᠯ᠎ᠠ ᠳᠤ ᠬᠠᠷᠭᠠᠨ᠎ᠠ ᠴᠤ ᠪᠤᠯ ᠲᠠᠨᠤᠭ ᠦᠭᠡᠢ ᠤᠯᠠᠨ ᠪᠠᠶᠢᠬᠤ᠂ ᠨᠢᠭᠡ ᠠᠮᠠ ᠭᠠᠷᠭᠠᠴᠢᠬᠠᠪᠠᠯ ᠪᠤᠯᠢᠶᠠᠯᠳᠤᠳᠠᠭ ᠨᠢ ᠤᠯᠠᠨ ᠪᠠᠶᠢᠬᠤ᠂ | ᠲᠡᠭᠡᠬᠦ ᠶᠢᠨ ᠣᠷᠣᠨ ᠳᠤ ᠠᠷᠤ ᠶᠢᠨ ᠳᠡᠪᠰᠡ ᠳᠤ ᠪᠠᠶᠢᠭ᠎ᠠ ᠳ᠋ᠠᠮᠪᠠ ᠶᠢᠨ ᠬᠡᠦᠬᠡᠨ ᠠᠴᠠ ᠣᠴᠢᠵᠤ ᠰᠤᠷᠠᠭᠯᠠᠶ᠎ᠠ ᠭᠡᠳ ᠮᠣᠷᠢᠨ ᠤ ᠪᠠᠨ ᠴᠤᠯᠪᠤᠭᠤᠷ ᠢ ᠲᠤᠭᠲᠤᠴᠢᠨ | ᠶᠠᠪᠤᠬᠤ ᠭᠡᠬᠦ ᠳᠤ᠄ | — ᠬᠡᠨ ᠠᠴᠠ ᠰᠤᠷᠠᠭᠯᠠᠬᠤ ᠪᠠᠨ ᠥᠪᠠᠷ ᠲᠡᠭᠡᠨ ᠮᠡᠳᠡ᠂ ᠮᠢᠨᠦ ᠠᠷᠤᠭ ᠢ ᠪᠣᠴᠠᠭᠠᠵᠦ ᠥᠭ︕ ᠭᠡᠵᠦ ᠪᠦᠰᠡᠬᠦᠢ ᠬᠦᠮᠦᠨ ᠤ ᠠᠲᠠᠭ᠎ᠠ ᠰᠡᠳᠬᠢᠯ ᠭᠠᠯ ᠳᠤ | ᠤᠨᠠᠬᠤ ᠲᠤᠷᠭ᠎ᠠ ᠰᠢᠬ ᠬᠤᠷᠪᠠᠰ ᠭᠡᠵᠦ ᠠᠷᠤᠭ ᠢᠶᠠᠨ ᠰᠤᠭᠰᠤᠴᠢᠬᠤ ᠳᠤ ᠬᠥᠳᠡᠷ ᠡᠷ᠎ᠡ ᠶᠢᠨ ᠭᠠᠷ ᠲᠧ ᠥᠭᠲᠡᠵᠦ ᠮᠣᠷᠢᠨ ᠳᠡᠭᠡᠷ᠎ᠡ ᠨᠢ ᠰᠤᠨᠳᠠᠯᠠᠭᠳᠠᠨ ᠭᠠᠷᠴᠤ | ᠪᠢᠯᠡ ᠁ | ᠬᠤᠸᠠᠷ ᠨᠠᠰᠤᠳᠠᠨ ᠨᠠᠰᠤᠨ ᠤ ᠬᠠᠨᠢ ᠲᠠᠢ ᠪᠠᠨ ᠰᠠᠯᠬᠢᠨ ᠳᠤ ᠬᠡᠶᠢᠰᠦᠭᠰᠡᠨ ᠠᠷᠤᠬ ᠢᠶᠠᠨ ᠬᠦᠭᠡᠭᠡᠵᠦ ᠪᠠᠶᠢᠭᠠᠳ ᠠᠩᠬ᠎ᠠ ᠤᠴᠠᠷᠠᠭᠰᠠᠨ ᠶᠠᠪᠤᠳᠠᠯ ᠢᠶᠠᠨ ᠭᠡᠰᠡᠭ | ᠡᠷᠬᠢᠴᠡᠬᠦᠯᠦᠭᠰᠡᠨ ᠢᠶᠠᠨ ᠰᠠᠯᠬᠢᠨ ᠤ ᠡᠷᠭᠡᠨ ᠳᠤ ᠪᠦᠮᠪᠦᠷᠢᠨ ᠬᠡᠶᠢᠰᠴᠦ ᠪᠠᠶᠢᠭ᠎ᠠ ᠠᠷᠤᠭ ᠢᠶᠠᠨ ᠬᠠᠷᠠᠨ ᠬᠠᠷᠠᠮᠰᠠᠵᠦ᠂ | — ᠢᠱᠢ᠂ ᠡᠪᠦᠭᠡ ᠶᠢᠨ ᠮᠢᠨᠢ ᠭᠦᠷᠦᠭᠰᠡᠨ ᠶᠠᠭᠤᠮ᠎ᠠ ᠳ᠋ᠠ ᠭᠡᠵᠦ ᠣᠷᠣᠬᠰᠢ ᠬᠤᠶᠠᠷ ᠠᠯᠬᠤᠨ ᠬᠥᠭᠡᠭᠡᠭᠰᠡᠨ ᠪᠣᠯᠪᠠᠴᠤ ᠰᠠᠯᠬᠢᠨ ᠤ ᠴᠠᠭᠠᠨ᠎ᠠ ᠭᠠᠷᠴᠤ | ᠳᠡᠶᠢᠯᠳᠡᠭ ᠦᠭᠡᠢ ᠳᠡᠭᠡᠨ ᠰᠠᠨᠠᠭ᠎ᠠ ᠠᠯᠳᠠᠵᠤ᠂ ᠬᠥᠯ ᠲᠠᠢ ᠪᠠᠶᠢᠭᠰᠠᠨ ᠴᠤ ᠬᠥᠯ ᠦᠭᠡᠢ ᠰᠠᠯᠬᠢᠨ ᠳᠤ ᠵᠠᠯᠠᠭᠤ ᠨᠠᠰᠤ ᠪᠠᠨ ᠬᠡᠶᠢᠰᠭᠡᠴᠢᠬᠡᠭᠰᠡᠨ ᠶᠤᠮ ᠰᠢᠬ ᠬᠠᠷᠠᠵᠤ | ᠵᠣᠭᠰᠣᠯ᠎ᠠ᠃ | ᠴᠠᠭᠠᠨ᠎ᠠ ᠨᠢ ᠴᠢᠨᠦ ᠮᠢᠨᠦ ᠪᠡᠯᠴᠢᠭᠡᠷ ᠭᠡᠵᠦ ᠳᠠᠲᠠᠬᠰᠠᠨ ᠲᠡᠮᠦᠷ ᠲᠣᠣᠷ ᠤᠲᠠᠰᠤ ᠶᠢ ᠬᠠᠷᠠᠭᠠᠳ᠂ | — ᠠᠢ ᠳ᠋ᠠ᠂ ᠬᠥᠭᠰᠢᠨ ᠨᠠᠳᠠ ᠶᠢ ᠢᠯᠡᠭᠦᠦ ᠬᠤᠶᠠᠷ ᠠᠯᠬᠤᠭᠤᠯᠤᠨ᠎ᠠ ᠭᠡᠰᠡᠨ ᠪᠠᠶᠢᠯᠭᠦᠢ ᠭᠡᠭᠰᠡᠭᠡᠷ ᠶᠠᠭᠠᠷᠠᠮ ᠦᠭᠡᠢ ᠠᠯᠬᠤᠭᠰᠠᠨ ᠴᠤ ᠰᠠᠯᠬᠢᠨ | ᠳᠡᠪᠡᠯ ᠤᠨ ᠬᠢᠨᠢ ᠬᠤᠷᠮᠣᠢ ᠠᠴᠠ ᠴᠢᠩᠭᠠᠭᠠᠵᠤ ᠠᠷᠤ ᠠᠴᠠ ᠨᠢ ᠲᠦᠯᠬᠢᠵᠦ ᠪᠠᠶᠢᠭ᠎ᠠ ᠰᠢᠬ ᠥᠨᠳᠡᠯᠵᠡᠭᠦᠯᠦᠨ ᠠᠷᠠᠢ ᠭᠡᠵᠦ ᠠᠷᠤᠭ ᠲᠠᠢ ᠪᠠᠨ ᠠᠳᠠᠯᠢ | ᠪᠥᠮᠪᠦᠷᠢᠴᠢᠭᠡᠭᠰᠡᠨ ᠦᠭᠡᠢ᠃ | ᠰᠠᠨᠠᠭ᠎ᠠ ᠪᠠᠷ ᠪᠣᠯᠳᠠᠭ ᠦᠭᠡᠢ ᠬᠤᠷᠸ᠎ᠠ ᠭᠡᠵᠦ ᠶᠠᠭᠤ ᠬᠡᠯᠡᠯᠲᠡᠢ ᠪᠤᠢ᠂ ᠠᠷᠤᠭ ᠨᠢ ᠰᠠᠯᠬᠢᠨ ᠳᠤ ᠪᠥᠮᠪᠦᠷᠢᠬᠦ ᠳᠤᠰᠤᠮ ᠢᠶᠠᠨ ᠬᠤᠷᠳᠤᠨ ᠪᠣᠯᠵᠤ᠂ ᠭᠠᠵᠠᠷ ᠲᠧ | ᠲᠤᠯᠬᠤ ᠲᠠᠢ ᠲᠤᠯᠬᠤ ᠦᠭᠡᠢ ᠲᠠᠢ ᠳᠡᠭᠳᠡᠨ ᠬᠡᠶᠢᠰᠴᠦ᠂ ᠶᠠᠭ ᠰᠠᠶᠢᠬᠠᠨ ᠲᠣᠣᠷ ᠣᠲᠠᠰᠤᠨ ᠤ ᠳᠡᠭᠡᠭᠦᠷ ᠳᠡᠯᠡᠳᠦᠭᠳᠡᠨ ᠭᠠᠷᠴᠢᠬᠠᠪᠠ᠃ | ᠠᠷᠭᠠᠯ ᠢᠶᠠᠨ ᠪᠠᠷᠠᠭᠰᠠᠨ ᠬᠤᠶᠢᠨ᠎ᠠ ᠠᠷᠤᠭ ᠢᠶᠠᠷ ᠴᠤ ᠶᠠᠭᠠᠬᠢᠬᠤᠪ᠂ ᠡᠭᠦᠷᠭᠡ ᠪᠠᠨ ᠪᠡᠶᠡᠯᠡᠭᠦᠯᠴᠢᠬᠡᠭᠰᠡᠨ ᠶᠤᠮ ᠴᠢᠨᠢ ᠶᠠᠪᠤᠬᠤ ᠯᠠ ᠪᠠᠶᠢᠯᠭᠦᠢ᠂ ᠠᠯᠢᠨ ᠳᠤᠨᠢ | ᠬᠠᠷᠠᠮᠰᠠᠵᠤ ᠰᠠᠭᠤᠬᠤ ᠪᠤᠢ ᠭᠡᠵᠦ ᠪᠤᠴᠠᠵᠤ ᠡᠷᠭᠢᠨ ᠬᠠᠷᠠᠪᠠᠯ᠂ ᠠᠪᠤ ᠶᠢᠨ ᠬᠢᠨᠢ ᠲᠠᠷᠢᠭᠰᠠᠨ ᠬᠡᠳᠦᠨ ᠮᠥᠷ ᠪᠤᠷᠭᠠᠰᠤᠨ ᠳᠤ ᠣᠴᠢᠭᠠᠳ ᠳᠣᠭᠲᠠᠴᠢᠬᠠᠯᠠ᠃ | ᠬᠠᠪᠤᠷ ᠤᠨ ᠰᠠᠯᠬᠢ ᠲᠠᠢ ᠰᠠᠭᠠᠷᠠᠯ ᠡᠳᠦᠷ ᠪᠠᠶᠢᠭᠰᠠᠨ ᠴᠤ ᠬᠠᠩᠭᠠᠢ ᠳᠡᠯᠡᠬᠡᠢ ᠬᠠ ᠶᠠ ᠦᠭᠡᠢ ᠨᠣᠭᠤᠭᠠᠨ ᠥᠩᠭᠡ ᠳᠠᠲᠠᠴᠢᠬᠠᠭᠰᠠᠨ ᠪᠠᠶᠢᠯ᠎ᠠ᠃ | |