| ᠵᠣᠬᠢᠶᠠᠭᠴᠢ᠄ ᠪᠠᠯᠵᠢᠨᠢᠮ᠎ᠠ ᠶᠢᠨ ᠣᠯᠠᠭᠠᠨᠲᠣᠶᠠᠭᠠ | | ᠬᠦᠨᠳᠦᠷᠴᠦ ᠲᠠᠪᠬᠢᠬᠤ ᠠᠷᠠᠨᠵᠠᠯ ᠬᠦᠯᠦᠭ ᠰᠢᠭ | ᠬᠤᠭᠤᠴᠠᠭ᠎ᠠ ᠴᠠᠬ ᠢ ᠲᠠᠶᠢᠯᠠᠨ ᠲᠠᠭᠠᠭᠤᠯᠣᠭᠠᠳ | ᠬᠦᠴᠢᠷ ᠪᠡᠷᠬᠡᠰᠢᠶᠡᠯ ᠢ ᠦᠯᠮᠡᠢ ᠰᠦᠬᠦᠷᠡᠬᠦᠯᠦᠨ | ᠬᠦᠰᠡᠯ ᠤᠨ ᠬᠠᠷᠭᠤᠢ ᠵᠦᠭ ᠭᠠᠯᠬᠢᠭᠤᠯᠣᠨ ᠨᠢᠰᠭᠡᠭᠰᠡᠨ | ᠬᠦᠬᠡ ᠰᠠᠯᠬᠢᠨ ᠵᠢᠬᠦᠷ ᠲᠠᠢ᠂ ᠬᠤᠭᠤᠷ ᠴᠣᠭᠤᠷ ᠤᠨ ᠡᠭᠡᠰᠢᠭ ᠲᠠᠢ | ᠬᠤᠩᠭᠤᠷ ᠵᠠᠯᠠᠭᠤ ᠨᠠᠰᠣᠨ ᠳᠠᠭᠠᠨ ᠬᠡᠶᠢᠷᠭᠡᠵᠦ ᠶᠠᠪᠣᠬᠰᠠᠨ | | ᠭᠡᠷᠡᠯᠲᠦᠬᠦ ᠨᠠᠪᠴᠢᠰ ᠤᠨ ᠰᠢᠷᠭᠠᠯ ᠲᠣᠶᠠᠭᠠᠨ ᠳᠤ ᠨᠡᠪᠴᠢᠵᠦ | ᠭᠡᠭᠡᠪᠴᠢ ᠶᠢᠨ ᠭᠠᠲᠠᠨᠠᠬᠢ ᠭᠡᠭᠡᠨ ᠣᠷᠣᠰᠢᠬᠤᠢ ᠶᠢ ᠬᠦᠭᠵᠢᠮᠯᠡᠨ | ᠭᠡᠭᠡᠯᠢᠭ ᠵᠢᠰᠦ᠂ ᠭᠬᠢᠷ ᠦᠭᠡᠢ ᠪᠣᠲᠣᠯ ᠳᠠᠭᠠᠨ ᠬᠦᠲᠦᠯᠦᠭᠳᠡᠭᠡᠳ | ᠴᠢᠯᠠᠭᠤᠨ ᠳᠤ ᠶᠡᠬᠦᠯᠡᠭᠰᠡᠨ ᠰᠣᠯᠣᠩᠭᠠᠨ ᠦᠩᠭᠡ ᠰᠢᠭ | ᠰᠡᠳᠬᠢᠯ ᠳᠤ ᠳᠡᠯᠭᠡᠷᠡᠭᠰᠡᠨ ᠢᠷᠭᠤᠢ ᠶᠢᠨ ᠲᠠᠯᠪᠢ ᠮᠡᠲᠦ | ᠵᠠᠯᠠᠭᠤ ᠽᠠᠨᠳᠠᠨ ᠨᠠᠰᠣ ᠮᠢᠨᠢ ᠵᠠᠭᠠᠷ ᠰᠢᠬ ᠠᠩᠬᠢᠯᠣᠭᠤᠨ | | ᠨᠣᠲᠤᠬ ᠪᠣᠴᠠᠬᠤ ᠰᠢᠪᠠᠭᠤᠳ ᠢᠢᠡᠨ ᠨᠢᠳᠦᠨ ᠴᠡᠴᠡᠭᠡᠢ ᠰᠢᠭ ᠢᠢᠡᠨ ᠨᠠᠨᠳᠢᠩᠨᠠᠨ | ᠨᠠᠭᠤᠷ ᠤᠨ ᠲᠣᠯᠢ ᠪᠠᠨ ᠨᠢᠩᠵᠢᠨ ᠪᠣᠲᠣᠯ ᠳᠠᠭᠠᠨ ᠠᠮᠣᠷᠯᠢᠭᠤᠯᠣᠨ | ᠬᠠᠴᠢᠨ ᠣᠯᠠᠷᠢᠯ ᠢ ᠬᠤᠪᠢ ᠲᠠᠪᠢᠯᠠᠩ ᠢᠶᠠᠷ ᠢᠶᠠᠨ ᠠᠷᠭᠠᠲᠠᠨ | ᠬᠤᠷᠸ᠎ᠠ ᠶᠢᠨ ᠵᠢᠮ᠎ᠡ ᠶᠢ ᠵᠢᠷᠦᠭᠡ ᠪᠠᠷ ᠢᠢᠡᠨ ᠰᠢᠬᠦᠵᠦ | ᠬᠦᠷᠯᠡᠬᠦ ᠬᠠᠪᠣᠷ ᠢ ᠬᠡᠭᠦᠳᠡᠭ ᠲᠡᠭᠡᠨ ᠠᠷᠭᠠᠮᠵᠢᠬᠰᠠᠨ | ᠬᠠᠩᠬᠢᠯ ᠵᠠᠯᠠᠭᠤ ᠨᠠᠰᠣ ᠮᠢᠨᠢ ᠬᠠᠶᠢᠷ᠎ᠠ ᠶᠢᠨ ᠣᠯᠠᠷᠢᠯ ᠪᠠᠶᠢᠬᠰᠠᠨ | ᠬᠦᠭᠵᠢᠯ ᠤᠨ ᠨᠠᠷᠠ ᠶᠢ ᠵᠡᠬᠦᠳᠦᠨ ᠳᠡᠭᠡᠨ ᠲᠠᠷᠢᠵᠦ | ᠬᠤᠯᠠᠨ ᠵᠠᠭᠡᠷ᠎ᠡ ᠶᠢ ᠬᠠᠶᠢᠷ᠎ᠠ ᠪᠠᠷ ᠢᠢᠡᠨ ᠲᠠᠰᠬᠠᠨ | ᠬᠠᠷᠠᠩᠭᠤᠢ ᠶᠢᠨ ᠲᠣᠮᠲᠠ ᠠᠴᠠ ᠭᠡᠷᠡᠯ ᠣᠷᠭᠤᠭᠤᠯᠵᠦ | ᠬᠦᠬᠡ ᠲᠡᠭᠷᠢ ᠪᠠᠨ ᠴᠣᠭᠤᠴᠢᠲᠠᠯᠠ ᠰᠢᠷᠲᠡᠨ | ᠬᠠᠷᠠᠴᠠᠨ ᠲᠣᠲᠣᠷ᠎ᠠ ᠪᠠᠨ ᠣᠲᠣᠳ ᠲᠦᠭᠡᠭᠡᠨ ᠵᠢᠷᠭᠠᠭᠠᠲᠠᠭ | ᠬᠢᠷᠠᠭᠤᠲᠣ ᠰᠦᠨᠢ ᠶᠢᠨ ᠬᠠᠶᠢᠷ᠎ᠠ ᠶᠢᠨ ᠣᠴᠢ | ᠬᠦᠢᠲᠡᠨ ᠰᠠᠷᠠᠨ ᠤ ᠭᠡᠷᠡᠯ ᠤᠨ ᠬᠦᠯᠬᠦᠭᠴᠢ | ᠬᠡᠲᠦᠷᠬᠡᠢ ᠪᠠᠷᠲᠠᠮ ᠠᠷᠠᠨᠰᠢᠨ ᠮᠢᠨᠢ ᠵᠠᠯᠠᠭᠤᠬᠠᠨ ᠪᠠᠶᠢᠬᠰᠠᠨ ᠡ | | ᠲᠠᠷᠠᠰᠣᠨ ᠤ ᠠᠮᠲᠠᠨ ᠳᠤ ᠰᠣᠭᠲᠣᠭᠤᠷᠠᠨ | ᠲᠠᠩᠰᠤᠬ ᠨᠠᠶᠢᠷ ᠤᠨ ᠰᠢᠷᠡᠭᠡ ᠬᠡᠰᠦᠵᠦ | ᠲᠠᠩᠭᠠᠷᠢᠬ ᠰᠢᠬ ᠲᠠᠩᠬᠠᠢ ᠮᠦᠷ ᠪᠠᠲᠠᠬ ᠢᠶᠠᠨ ᠣᠩᠰᠢᠵᠦ | ᠲᠡᠷᠯᠢᠭ ᠤᠨ ᠬᠠᠨᠴᠣᠢ ᠲᠡᠷᠪᠡᠲᠡᠯᠡ ᠡᠷᠬᠢᠬᠦᠯᠵᠦ | ᠲᠡᠷᠭᠡᠯ ᠬᠤᠷᠸ᠎ᠠ ᠶᠢ ᠲᠣᠷᠬᠢᠭᠤᠯᠵᠦ ᠶᠠᠪᠣᠬᠰᠠᠨ | ᠲᠠᠩᠬᠢᠯ ᠨᠠᠰᠣ ᠮᠢᠨᠢ ᠵᠠᠯᠠᠭᠤ ᠭᠠᠩᠭᠠᠩ ᠪᠠᠶᠢᠭᠰᠠᠨ ᠳ᠋ᠠ | | ᠡᠪᠦᠯᠵᠢᠶ᠎ᠡ ᠵᠤᠰᠠᠯᠠᠩ ᠬᠠᠪᠣᠷᠵᠢᠶ᠎ᠠ ᠨᠠᠮᠣᠷᠵᠢᠶ᠎ᠠ ᠲᠠᠮᠵᠢᠨ | ᠦᠷᠦᠪᠴᠢᠬᠡᠨ ᠭᠤᠨᠢᠬ ᠢᠶᠠᠨ ᠰᠡᠪᠡᠷᠭᠡᠵᠦ | ᠦᠨᠢ ᠮᠦᠩᠬᠡ ᠶᠢᠨ ᠦᠯᠡᠮᠵᠢ ᠶᠢᠨ ᠴᠢᠨᠠᠷ ᠲᠤ ᠢᠲᠡᠭᠡᠨ | ᠦᠨᠡᠨ ᠤ ᠬᠠᠪᠣᠷ ᠢ ᠬᠡᠭᠡᠯᠡᠵᠦ ᠶᠠᠪᠣᠬᠰᠠᠨ | ᠣᠶᠠᠷᠠᠭᠤᠨ ᠲᠣᠬᠲᠣᠯᠣᠭᠤᠨ ᠨᠢ ᠠᠷᠭ᠎ᠠ ᠦᠭᠡᠢ | ᠣᠷᠠᠢ ᠵᠠᠯᠠᠭᠤ ᠨᠠᠰᠣᠨ ᠳᠠᠭᠠᠨ ᠡᠬᠦᠷᠢᠲᠡ ᠪᠢ ᠬᠠᠶᠢᠷᠠᠲᠠᠢ | |