- ᠳᠤᠷᠠᠯᠠᠯ ᠲᠡᠭᠦᠰᠬᠡᠯ ᠢ ᠨᠢ ᠪᠤᠳᠤᠭ᠎ᠠ ᠦᠭᠡᠢ ᠤᠬᠠᠭ᠎ᠠ ᠦᠭᠡᠢ ᠡᠬᠢᠯᠡᠯ | ᠪᠣᠯᠵᠣᠭᠰᠠᠨ ᠭᠠᠵᠠᠷ ᠢᠶᠠᠨ ᠭᠦᠷᠤᠭᠡᠳ ᠪᠢ ᠴᠢᠮᠠᠶᠢ ᠬᠦᠯᠢᠶᠡᠬᠦ ᠳᠤ ᠴᠠᠭ ᠶᠠᠪᠤᠵᠤ ᠪᠠᠶᠢᠳᠠᠭ᠃ | ᠪᠠᠶᠢᠨ ᠪᠠᠶᠢᠨ ᠬᠠᠷᠠᠬᠤ ᠳᠤ ᠪᠠᠭᠤᠤ ᠶᠢᠨ ᠰᠤᠳᠠᠰᠤᠨ ᠤ ᠮᠢᠨᠢ ᠴᠣᠬᠢᠯᠭ᠎ᠠ ᠲᠠᠢ ᠠᠶᠢᠵᠠᠮ ᠬᠠᠮᠰᠠᠨ ᠪᠥᠭᠯᠡᠷᠡᠵᠦ ᠬᠠᠭᠠᠭᠳᠠᠬᠤ᠂ ᠴᠠᠭ ᠤᠨ ᠵᠡᠭᠦᠦ ᠶᠢᠨ ᠲᠢᠭ᠋ | ᠲᠠᠬ ᠭᠡᠰᠡᠨ ᠰᠤᠯᠠᠬᠠᠨ ᠯᠤᠭᠰᠢᠯ᠂ ᠲᠡᠩᠭᠡᠯᠢᠭ ᠢᠶᠠᠨ ᠬᠥᠰᠢᠨ ᠵᠠᠭᠤᠷᠠᠬᠤ ᠰᠢᠭ᠋ ᠤᠳᠠᠭᠠᠬᠠᠨ᠃ ᠪᠠᠲᠠᠭᠠᠨ᠎ᠠ ᠨᠢᠭᠡ ᠬᠤᠶᠠᠷ ᠢᠶᠠᠷ ᠳᠦᠩᠭᠢᠨᠡᠯᠳᠦᠨ ᠪᠠᠶᠢᠭᠰᠠᠨ ᠢᠶᠠᠨ | ᠪᠣᠷᠣᠭᠠᠨ ᠤ ᠦᠨᠦᠷ ᠶᠤᠮ ᠤᠤ︖ ᠪᠦᠷ ᠳᠡᠪᠲᠦᠭᠰᠡᠨ ᠭᠠᠵᠠᠷ ᠤᠨ ᠨᠣᠶᠢᠲᠠᠨ ᠬᠥᠷᠥᠰᠥᠨ ᠠᠴᠠ ᠭᠦᠪ ᠴᠢᠭᠢᠭ ᠰᠣᠷᠭᠤᠭ ᠰᠡᠩᠭᠢᠨᠡᠯᠳᠤᠵᠤ᠂ ᠪᠣᠷᠣ ᠲᠣᠯᠣᠭᠠᠳ ᠤᠨ | ᠬᠤᠭᠤᠷᠣᠨᠳᠤᠭᠤᠷ ᠠᠮᠢᠰᠬᠤᠯ ᠵᠡᠷᠭᠡᠯᠭᠡ ᠴᠤᠷᠢᠯᠵᠠᠵᠤ᠂ ᠪᠣᠰᠣᠨ ᠰᠠᠭᠤᠨ ᠵᠠᠪᠳᠤᠨ ᠭᠦᠷᠪᠡᠭᠡᠨᠡᠬᠦ ᠨᠢ ᠭᠡᠳᠡᠭᠡ ᠴᠤ ᠬᠦᠷᠬᠦ ᠮᠡᠲᠦ᠂ ᠢᠨᠢᠶᠡᠳᠦ ᠴᠤ ᠬᠦᠷᠬᠦ ᠮᠡᠲᠦ | ᠪᠢᠰᠢᠭᠦᠢ ᠥᠳᠥᠭᠡᠯᠭᠡ ᠲᠠᠢ ᠭᠡᠵᠦ ᠁ | ᠪᠥᠭᠡᠮ ᠪᠥᠭᠡᠮ ᠡᠭᠦᠯᠡᠰ ᠤᠨ ᠴᠣᠬᠤᠷ ᠰᠡᠭᠦᠳᠡᠷ ᠭᠤᠤ ᠰᠤᠵᠠᠭ᠂ ᠭᠠᠩᠭ᠎ᠠ ᠬᠠᠯᠢᠯ ᠳᠡᠭᠡᠭᠦᠷ ᠶᠠᠮᠠᠷ ᠴᠤ ᠲᠡᠭᠡᠭᠡᠷ᠎ᠡ ᠦᠭᠡᠢ ᠨᠡᠭᠦᠳᠡᠯᠯᠡᠨ᠂ ᠪᠦᠭᠴᠢᠮ ᠬᠠᠯᠠᠭᠤᠨ | ᠡᠪᠡᠰᠦᠨ ᠳᠤᠮᠳᠠ ᠠᠴᠠ ᠴᠡᠴᠡᠭ ᠭᠡᠨᠡᠳᠲᠡᠬᠡᠨ ᠢᠰᠬᠡᠷᠴᠦ ᠦᠵᠡᠰᠭᠦᠯᠡᠩ ᠤᠷᠭᠤᠨ᠎ᠠ᠃ ᠪᠠᠷᠢᠵᠤ ᠲᠠᠯᠪᠢᠬᠤ ᠪᠠᠨ ᠣᠯᠵᠤ ᠶᠠᠳᠠᠮ᠎ᠠ ᠴᠤ ᠪᠠᠶᠢᠭᠰᠠᠨ ᠭᠠᠵᠠᠷ ᠠᠴᠠ ᠪᠠᠨ | ᠬᠤᠯᠠᠳᠠᠮᠠ ᠦᠭᠡᠢ᠂ ᠪᠠᠷᠠᠭᠤᠨᠲᠠᠢ ᠠᠴᠠ ᠤᠤ ᠵᠡᠭᠦᠨᠲᠡᠢ ᠠᠴᠠ ᠤᠤ ᠭᠡᠵᠦ ᠪᠠᠷᠤᠭᠴᠠᠭᠠᠯᠠᠨ ᠪᠠᠶᠢᠲᠠᠯ᠎ᠠ ︽ᠪᠢ ᠴᠢᠨᠢ ᠴᠢᠮᠠᠶᠢ ᠤᠷᠭᠤᠭ᠎ᠠ ᠭᠠᠭᠴᠠ ᠮᠣᠳᠣ ᠰᠢᠭ᠋ | ᠤᠨᠠᠭᠰᠠᠨ ᠰᠡᠭᠦᠳᠡᠷ ᠲᠡᠭᠡᠨ ᠠᠷᠭᠠᠮᠵᠢᠭᠳᠠᠨ᠂ ᠤᠤᠯ ᠣᠷᠣᠨ ᠠᠴᠠ ᠪᠠᠨ ᠶᠠᠪᠤᠵᠤ ᠵᠢᠷᠦᠬᠡᠯᠡᠳᠡᠭ ᠦᠭᠡᠢ ᠦᠯᠢᠭᠡᠷ ᠤᠨ ᠯᠠᠮᠠ ᠲᠠᠩᠰᠤᠭ᠂ ᠰᠢᠷᠣᠢ ᠨᠠᠷ ᠰᠢᠭ᠋ | ᠲᠣᠭᠤᠷᠢᠭ ᠲᠤ ᠣᠷᠣᠭᠰᠠᠨ ᠶᠤᠮ ᠤᠤ ᠭᠡᠵᠦ ᠰᠠᠨᠠᠯ᠎ᠠ︾ ᠬᠡᠮᠡᠨ ᠭᠱᠠᠨ ᠲᠤᠯᠭᠠᠮ ᠠᠰᠠᠭᠤᠵᠤ ᠭᠠᠷᠬᠤ ᠨᠢ ᠲᠡᠷᠡᠬᠡᠨ ᠠᠴᠠ ᠪᠠᠨ ᠪᠠᠰᠠ ᠴᠠᠩᠭᠢᠨᠠᠮ᠎ᠠ ᠠᠶᠠᠯᠭᠤ ᠲᠠᠢ᠃ | ᠪᠤᠳᠤᠪᠠᠯ ᠠᠷᠤ ᠳᠤ ᠢᠷᠡᠵᠤ ᠵᠣᠭᠰᠣᠭᠠᠳ ᠪᠠᠷᠢ ᠴᠡᠴᠡᠭ ᠤᠨ ᠦᠨᠦᠷ ᠪᠣᠳᠢ ᠪᠡᠶ᠎ᠡ ᠶᠢᠨ ᠬᠢᠨᠢ ᠦᠨᠦᠷ ᠪᠤᠯᠬᠤ ᠳᠤ ᠪᠦᠱᠦᠭᠦᠷᠬᠡᠯ ᠰᠢᠷᠪᠡᠭᠡᠲᠦᠯ ᠪᠦᠭᠦᠨ ᠢᠶᠠᠨ | ᠮᠠᠷᠲᠠᠵᠤ ᠨᠠᠷᠨ ᠤᠷᠭᠤᠳᠠᠯᠠ ᠨᠠᠳᠠ ᠳᠠᠭᠠᠨ ᠢᠨᠢᠶᠡᠳᠦ ᠳᠠᠭᠤᠤ ᠰᠠᠴᠤᠷᠠᠭᠤᠯᠤᠩᠬᠠᠨ ᠬᠡᠯᠡᠭᠰᠡᠨ ᠪᠢᠵᠡ︕ | ︽ᠲᠠᠨ ᠢ ᠬᠦᠯᠢᠶᠡᠬᠦ ᠰᠡᠳᠬᠢᠯ ᠤᠨ ᠲᠥᠪ ᠴᠢᠭ ᠠᠴᠠ ᠪᠠᠨ ᠪᠢ ᠬᠡᠵᠢᠶ᠎ᠡ ᠴᠤ ᠶᠠᠪᠤᠵᠤ ᠵᠢᠷᠦᠬᠡᠯᠡᠬᠦ ᠦᠭᠡᠢ ᠰᠢᠤ︕︾ ᠭᠡᠬᠦ ᠳᠤ᠄ | ︽ᠠᠵᠠ ᠵᠢᠷᠭᠠᠯ ᠪᠣᠯ ᠪᠣᠯᠵᠣᠮᠣᠷ᠂ ᠨᠢᠰᠦᠭᠡᠳ ᠶᠠᠪᠤᠴᠢᠬᠠᠪᠠᠯ᠂ ᠴᠡᠴᠡᠭ ᠳᠡᠯᠭᠡᠷᠡᠵᠦ ᠲᠡᠯᠪᠢ ᠪᠠᠨ ᠬᠤᠮᠢᠵᠤ᠂ ᠵᠡᠷᠯᠢᠭ ᠵᠢᠮᠢᠰ ᠮᠥᠴᠢᠷ ᠠᠴᠠ ᠪᠠᠨ ᠤᠶᠢᠰᠴᠤ | ᠭᠠᠵᠠᠷᠳᠠᠬᠤ ᠰᠢᠭ᠋ ᠠᠬᠤᠢ ᠶᠢᠷᠲᠢᠨᠴᠦ ᠠᠬᠢᠭᠠᠳ ᠯᠡ ᠬᠤᠭᠤᠰᠤᠨ᠂ ᠪᠠᠰᠠ ᠬᠠᠭᠤᠴᠢᠨ ᠮᠥᠷᠲᠡᠭᠡᠨ ᠵᠡᠭᠦᠳᠦᠯᠡᠵᠦ ᠰᠡᠷᠡᠭᠰᠡᠨ ᠮᠡᠲᠦ ᠵᠠᠮᠬᠠᠷᠠᠯ ᠪᠣᠯᠣᠨ᠎ᠠ︾ ᠭᠡᠵᠦ ᠮᠢᠨᠤ | ᠦᠵᠡᠭᠰᠡᠨ ᠨᠢᠭᠡ ᠺᠢᠨᠣ᠋ ᠳᠤ ᠳᠤᠷᠠᠯᠠᠯᠲᠤ ᠵᠠᠯᠠᠭᠤ ᠳᠠᠭᠠᠨ ᠪᠤᠯᠪᠠᠷᠠᠢ ᠥᠬᠢᠨ ᠨᠢ ᠲᠡᠭᠡᠵᠤ ᠶᠠᠷᠢᠳᠠᠭ ᠪᠠᠶᠢᠭᠰᠠᠨ ᠶᠤᠮ ᠭᠡᠯᠡ᠃ | ᠲᠡᠷᠡ ᠶᠠᠷᠢᠶ᠎ᠠ ᠲᠡᠭᠷᠢ ᠭᠠᠵᠠᠷ ᠳᠤᠮᠳᠠᠬᠢ ᠪᠢᠳᠡ ᠬᠤᠶᠠᠷ ᠤᠨ ᠪᠡᠯᠭᠡ ᠰᠤᠪᠢᠩ ᠰᠢᠭ᠋ ᠪᠠᠰᠠ ᠲᠡᠭᠡᠭᠡᠳ ᠨᠢᠰᠦᠭᠡᠳ ᠶᠠᠪᠤᠴᠢᠬᠠᠨ᠎ᠠ ᠭᠡᠬᠦᠯᠡᠷ ᠶᠡᠭᠡ ᠯᠡ | ᠬᠠᠷᠠᠮᠰᠠᠯ ᠭᠤᠨᠢᠭ ᠲᠠᠢ ᠭᠱᠠᠨ ᠰᠠᠨᠠᠭᠳᠠᠨ᠎ᠠ᠃ ᠭᠡᠪᠡᠴᠦ ᠢᠷᠡᠨ᠎ᠡ ᠭᠡᠰᠡᠨ ᠰᠠᠶᠢᠬᠠᠨ ᠰᠤᠷᠠᠭ ᠴᠢᠮᠡᠭᠡᠨ ᠳᠤ ᠴᠠᠭ ᠶᠠᠪᠤᠵᠤ ᠪᠠᠶᠢᠳᠠᠭ᠃ | ᠶᠠᠭ ᠯᠠ ᠥᠨᠥ ᠠᠴᠠ ᠮᠠᠷᠭᠠᠰᠢ ᠤᠷᠤᠭᠤ ᠶᠠᠭᠤ ᠨᠢᠭᠡ ᠶᠢ ᠬᠢᠵᠦ ᠪᠦᠲᠦᠭᠡᠬᠦ ᠰᠠᠨ ᠭᠡᠳ ᠵᠣᠷᠢᠭ ᠰᠢᠭᠤᠳᠤᠭᠠᠳ ᠣᠷᠣᠳᠠᠭ᠂ ᠴᠠᠯ ᠵᠠᠯᠠᠭᠤᠬᠠᠨ ᠬᠦᠰᠡᠯ | ᠮᠥᠷᠥᠭᠡᠳᠦᠯ ᠲᠠᠢ ᠮᠢᠨᠢ ᠡᠩ ᠵᠡᠷᠭᠡᠴᠡᠵᠦ᠂ ᠰᠢᠪᠠᠭᠤ ᠨᠢᠰᠴᠦ ᠢᠷᠡᠬᠦ᠂ ᠤᠷᠢ ᠬᠠᠪᠤᠷ ᠠᠭᠤᠵᠢᠮ ᠲᠠᠯ᠎ᠠ ᠳᠠᠭᠠᠨ ᠬᠠᠷᠢᠶᠠᠴᠠᠢ ᠰᠢᠭᠦᠷᠭᠡᠶᠢᠯᠡᠭᠦᠯᠵᠤ ᠢᠷᠡᠬᠦ᠂ ᠤᠷᠭᠤᠬᠤ | ᠠᠴᠠ ᠤᠯᠠᠨ ᠤᠷᠭᠤᠮᠠᠯ ᠪᠣᠳᠠᠰ ᠣᠷᠭᠠᠨᠢᠭ ᠳᠡᠯᠡᠬᠡᠢ ᠪᠠᠨ ᠪᠠᠶᠠᠰᠬᠠᠨ᠂ ᠮᠣᠳᠣᠨ ᠤ ᠮᠥᠴᠢᠷ ᠲᠤ ᠳᠡᠯᠪᠡᠭᠡ ᠨᠡᠮᠡᠬᠦ᠂ ᠮᠥᠷᠡᠨ ᠤ ᠬᠦᠴᠦᠲᠦ ᠤᠷᠤᠰᠬᠠᠯ ᠳᠤ ᠳᠣᠯᠭᠢᠶ᠎ᠠ | ᠨᠡᠮᠡᠬᠦ᠂ ᠮᠠᠯ ᠰᠦᠷᠦᠭ ᠲᠤ ᠲᠥᠯ ᠨᠡᠮᠡᠬᠦ᠂ ᠮᠠᠨ ᠤ ᠲᠠᠨ ᠤ ᠬᠤᠭᠤᠷᠣᠨᠳᠤ ᠰᠠᠭᠠᠯᠢ ᠰᠦᠨ ᠤ ᠤᠯᠠᠷᠢᠯ ᠪᠣᠯᠵᠤ ᠭᠦᠷ ᠨᠠᠷᠭᠢᠶᠠᠨ ᠨᠡᠮᠡᠨ ᠮᠠᠰᠢᠳᠠ ᠳᠡᠯᠭᠡᠷ ᠮᠠᠩᠯᠠᠢ | ᠰᠠᠶᠢᠬᠠᠨ ᠴᠠᠭ ᠢᠷᠡᠬᠦ ᠨᠢ ᠪᠠᠶᠢᠨ᠎ᠠ ᠳ᠋ᠠ ᠭᠡᠬᠦ ᠳᠤ᠂ | ︽ᠬᠥᠶ᠋ᠢ︕ ᠬᠥᠶ᠋ᠢ᠂ ᠶᠠᠭᠠᠬᠢᠭᠰᠠᠨ ᠶᠠᠭᠠᠬᠢᠭᠰᠠᠨ ᠭᠠᠵᠠᠷ ᠳᠡᠯᠡᠬᠡᠢ ᠭᠡᠨ᠎ᠡ᠂ ᠶᠠᠮᠠᠷ ᠴᠤ ᠠᠷᠪᠢᠨ ᠢᠷᠠᠭᠤ ᠰᠢᠯᠦᠭ ᠳᠠᠭᠤᠯᠠᠯ ᠬᠡᠯᠡᠬᠦ ᠨᠢ ᠪᠤᠢ︖ ᠴᠠᠭᠠᠨᠠᠬᠢ ᠨᠢ ᠪᠢᠰᠢ︕ | ᠶᠠᠭ ᠤᠳᠤ ᠠᠴᠠ ᠤᠳᠤ ᠶᠢᠨ ᠮᠢᠨᠤ ᠳᠡᠷᠭᠡᠳᠡᠬᠢ ᠲᠠ᠂ ᠠᠵᠠ ᠵᠢᠷᠭᠠᠯ ᠢ ᠶᠠᠭᠤ ᠭᠡᠬᠦᠪ ᠤᠤ︾ ᠭᠡᠪᠡ᠃ | ᠨᠢᠳᠦ ᠠᠷᠭᠠᠭᠤᠯᠬᠤ ᠨᠠᠷᠠᠨ ᠤ ᠲᠤᠶᠠᠭ᠎ᠠ᠂ ᠨᠡᠭᠦᠵᠦ ᠶᠠᠪᠤᠭ᠎ᠠ ᠡᠭᠦᠯᠡᠰ ᠤᠨ ᠪᠠᠷ᠎ᠠ ᠶᠢ ᠬᠠᠷᠠᠭᠠᠳ ᠪᠢ᠄ | ︽ᠠᠵᠠ ᠵᠢᠷᠭᠠᠯ ᠵᠤᠨ ᠤ ᠨᠠᠷᠠ᠂ ᠴᠡᠴᠡᠭ ᠤᠨ ᠲᠡᠯᠪᠢ ᠰᠢᠷᠠᠬᠤ ᠳᠤ ᠡᠭᠦᠯᠡᠨ ᠴᠣᠬᠤᠷ ᠰᠡᠭᠦᠳᠡᠷ᠂ ᠵᠠᠮ ᠤᠨ ᠲᠠᠯᠠᠩ ᠢ ᠬᠦᠦ ᠡᠵᠢ ᠪᠠᠨ ᠭᠡᠵᠦ ᠬᠠᠭᠤᠷᠲᠠᠬᠤ | ᠵᠢᠭᠠᠬᠠᠨ ᠦᠨᠡᠮᠰᠢᠯ ᠠᠵᠠ ᠵᠢᠷᠭᠠᠯ᠂ ᠵᠠ︕ ᠴᠢ ᠮᠢᠨᠢ ᠲᠦᠷ ᠠᠮᠠᠷᠠᠵᠤ ᠪᠠᠶᠢᠭᠠᠷᠠᠢ ᠭᠡᠳ ᠠᠶᠠᠭ᠎ᠠ ᠴᠠᠢ ᠬᠢᠵᠦ ᠥᠭᠬᠦ ᠠᠵᠠ ᠵᠢᠷᠭᠠᠯ ᠁ ᠠᠵᠠ ᠵᠢᠷᠭᠠᠯ ᠤᠨ | ᠭᠱᠠᠨ ᠵᠠᠭᠤᠷ᠎ᠠ ᠲᠣᠬᠢᠶᠠᠯᠳᠤᠯ ᠲᠤᠩ ᠤᠯᠠᠨ᠂ ᠬᠠᠷᠢᠨ ᠬᠥᠮᠥᠨ ᠥᠪᠡᠷ ᠢᠶᠠᠨ ᠡᠨᠡ ᠬᠦ ᠭᠱᠠᠨ ᠢ ᠣᠯᠵᠤ ᠬᠡᠷᠬᠢᠨ ᠣᠶᠢᠯᠠᠭᠠᠬᠤ ᠳᠤ ᠪᠤᠢ︾ ᠭᠡᠯᠡ᠃ | ᠲᠡᠭᠡᠪᠡᠯ ᠲᠡᠷᠡ ᠠᠵᠠ ᠵᠢᠷᠭᠠᠯ ᠴᠢᠨᠢ ᠲᠡᠭᠷᠢ ᠶᠢᠨ ᠨᠠᠷᠠ ᠰᠢᠭ᠋ ᠭᠠᠭᠴᠠᠬᠠᠨ ᠪᠢᠰᠢ ᠶᠤᠮ ᠪᠠᠶᠢᠨ᠎ᠠ᠃ ᠴᠢ ᠨᠠᠮᠠᠶᠢ ᠬᠦᠯᠢᠶᠡᠭᠡᠳ ᠴᠠᠭ ᠢᠶᠠᠨ ᠬᠠᠷᠠᠵᠤ | ᠵᠣᠭᠰᠣᠭᠰᠠᠨ ᠴᠢᠨᠢ ᠠᠵᠠ ᠵᠢᠷᠭᠠᠯ ᠮᠥᠨ ᠪᠢᠵᠡ︕ ᠨᠢᠰᠬᠦ ᠪᠢᠰᠢ ᠤᠷᠭᠤᠵᠤ ᠪᠠᠶᠢᠭ᠎ᠠ ᠡᠪᠡᠰᠦ ᠴᠡᠴᠡᠭ ᠢ ᠠᠵᠠ ᠵᠢᠷᠭᠠᠯ ᠭᠡᠬᠦ ᠤᠤ︖ | ︽ᠮᠥᠨ ᠠᠴᠠ ᠮᠥᠨ ᠰᠢᠤ︕ ᠤᠷᠭᠤᠵᠤ ᠪᠠᠶᠢᠭ᠎ᠠ ᠡᠪᠡᠰᠦ ᠴᠡᠴᠡᠭ ᠠᠵᠠ ᠵᠢᠷᠭᠠᠯ ᠮᠥᠨ︕ ᠤᠷᠤᠰᠴᠤ ᠪᠠᠶᠢᠭ᠎ᠠ ᠤᠰᠤ ᠠᠵᠠ ᠵᠢᠷᠭᠠᠯ ᠮᠥᠨ᠂ ᠤᠨᠲᠠᠵᠤ | ᠪᠠᠶᠢᠭ᠎ᠠ ᠪᠤᠭᠤ ᠶᠢᠨ ᠨᠦᠷ᠎ᠡ ᠠᠵᠠ ᠵᠢᠷᠭᠠᠯ ᠮᠥᠨ᠂ ᠤᠳᠠᠬᠤ ᠦᠭᠡᠢ ᠨᠡᠪᠴᠢᠬᠦ ᠭᠡᠳ ᠨᠠᠷᠠᠨ ᠳᠤ ᠥᠩᠭᠡ ᠨᠢ ᠪᠣᠷᠣᠯᠠᠨ ᠭᠡᠷᠡᠯᠳᠤᠨ ᠴᠢᠨᠦᠷᠡᠵᠦ ᠪᠠᠶᠢᠭ᠎ᠠ | ᠰᠢᠪᠠᠭᠤᠨ ᠤ ᠥᠨᠳᠡᠭᠡ ᠴᠤ ᠴᠥᠮ ᠭᠱᠠᠨ ᠵᠠᠭᠤᠷ᠎ᠠ ᠶᠢᠨ ᠪᠥᠭᠡᠳ ᠠᠯᠳᠠᠨ ᠮᠠᠷᠭᠠᠰᠢ ᠶᠢ ᠡᠭᠦᠰᠬᠡᠬᠦ ᠠᠵᠠ ᠵᠢᠷᠭᠠᠯ ᠮᠥᠨ ᠰᠢᠦ︕︾ | ︽ᠲᠡᠭᠡᠭᠡᠳ ᠴᠢ ᠪᠢᠳᠡ ᠬᠤᠶᠠᠷ ᠡᠨᠡ ᠭᠱᠠᠨ ᠵᠠᠭᠤᠷ᠎ᠠ ᠶᠢᠨ ᠠᠵᠠ ᠵᠢᠷᠭᠠᠯ ᠢ ᠶᠠᠭᠠᠬᠢᠵᠤ ᠮᠡᠳᠡᠷᠡᠵᠦ ᠪᠠᠰᠠ ᠭᠱᠠᠨ ᠵᠠᠭᠤᠷ᠎ᠠ ᠶᠢᠨ ᠠᠵᠠ ᠵᠢᠷᠭᠠᠯ ᠢ ᠶᠠᠮᠠᠷ | ᠨᠢᠳᠦ ᠪᠠᠷ ᠬᠠᠷᠠᠵᠤ ᠢᠨᠠᠭ ᠤᠨ ᠰᠡᠳᠬᠢᠯ ᠢᠶᠠᠷ ᠭᠦᠷᠳᠡᠨ ᠬᠡᠯᠬᠢᠬᠦ ᠶᠤᠮ ᠪᠤᠢ︖︾ | ︽ᠠᠵᠠ ᠵᠢᠷᠭᠠᠯ ᠭᠱᠠᠨ ᠵᠠᠭᠤᠷ᠎ᠠ ᠶᠢᠨ ᠪᠥᠭᠡᠳ ᠠᠯᠳᠠᠨ ᠮᠠᠷᠭᠠᠰᠢ ᠶᠢᠨ ᠡᠭᠦᠰᠭᠡᠭᠦᠷ ᠪᠠᠶᠢᠳᠠᠭ ᠨᠢ ᠨᠠᠰᠤᠨ ᠲᠤᠷᠰᠢ ᠶᠢᠨ ᠬᠠᠶᠢᠷ᠎ᠠ ᠰᠡᠳᠬᠢᠯᠭᠡ ᠶᠢᠨ ᠤᠳᠠᠭᠠᠨ | ᠬᠠᠳᠠᠭᠠᠯᠠᠭᠳᠠᠴᠠ ᠲᠠᠢ ᠬᠦᠰᠡᠯ ᠮᠥᠷᠥᠭᠡᠳᠦᠯ ᠤᠨ ᠳᠠᠭᠤᠰᠤᠰᠢ ᠦᠭᠡᠢ ᠴᠡᠨᠡᠭ ᠪᠠᠶᠢᠭᠰᠠᠨ ᠤ ᠬᠢ ᠪᠣᠯᠣᠨ᠎ᠠ︾᠃ | ᠡᠷᠡᠦ ᠪᠠᠨ ᠲᠤᠯᠵᠤ ᠰᠠᠭᠤᠭᠰᠠᠨ ᠡᠷᠬᠡ ᠲᠠᠩᠬᠢᠯᠬᠠᠨ ᠶᠠᠩᠵᠤ ᠪᠠᠷ ᠢᠶᠠᠨ ᠡᠨᠡ ᠦᠭᠡᠨ ᠳᠤ ᠲᠡᠷᠡ ᠮᠠᠨᠢ᠂ ᠮᠠᠰᠢ ᠬᠠᠨᠤᠮᠵᠢᠳᠠᠢ᠂ ᠮᠠᠩᠨᠠᠢ ᠲᠡᠨᠢᠭᠡᠷ᠂ | ᠳᠣᠲᠣᠷ᠎ᠠ ᠠᠴᠠ ᠪᠠᠨ ᠭᠡᠷᠡᠯᠳᠤᠵᠤ᠂ ᠳᠣᠣᠷ᠎ᠠ ᠠᠴᠠ ᠪᠠᠨ ᠤᠷᠭᠤᠮᠡ ᠰᠠᠶᠢᠬᠠᠨ ᠮᠦᠰᠢᠶᠡᠵᠦ᠄ | ︽ᠤᠳᠤ ᠶᠠᠭ ᠭᠱᠠᠨ ᠵᠠᠭᠤᠷ᠎ᠠ ᠳᠤ ᠣᠴᠢᠯᠠᠬᠤ ᠭᠠᠯ ᠰᠢᠭ᠋ ᠤᠷᠤᠭᠤᠯ ᠤᠨ ᠬᠠᠯᠠᠭᠤᠨ ᠪᠡᠯ ᠢᠶᠠᠷ ᠤᠳᠠᠲᠠᠯ᠎ᠠ ᠪᠠᠨ ᠬᠤᠶᠠᠭᠤᠯᠠ ᠦᠨᠦᠰᠦᠯᠴᠡᠶᠡ︾ ᠭᠡᠵᠦ ᠨᠠᠮᠠᠶᠢ | ᠬᠦᠵᠦᠭᠦᠦ ᠪᠠᠷ ᠮᠢᠨᠢ ᠲᠡᠪᠡᠷᠢᠨ᠂ ᠨᠠᠷᠠᠨ ᠠᠴᠠ ᠪᠢᠲᠡᠭᠡᠢ ᠪᠦᠱᠤᠭᠦᠷᠭᠡ᠂ ᠨᠠᠪᠴᠢᠨ ᠠᠴᠠ ᠪᠢᠲᠡᠭᠡᠢ ᠪᠦᠱᠤᠭᠦᠷᠭᠡ᠂ ᠨᠤᠲᠤᠭ ᠠᠴᠠ ᠪᠠᠨ ᠪᠢᠲᠡᠭᠡᠢ ᠪᠦᠱᠤᠭᠦᠷᠭᠡ᠂ | ᠨᠠᠳᠠ ᠠᠴᠠ ᠪᠦᠱᠤᠭᠦᠷᠭᠡ ᠭᠡᠵᠦ ᠨᠢᠳᠦ ᠪᠠᠨ ᠠᠨᠢᠬᠤ ᠶᠢᠨ ᠲᠡᠷᠡ ᠭᠱᠠᠨ᠃ | ᠢᠩᠭᠢᠬᠦ ᠳᠤ ᠭᠱᠠᠨ ᠵᠠᠭᠤᠷ᠎ᠠ ᠶᠢᠨ ᠠᠵᠠ ᠵᠢᠷᠭᠠᠯ ᠳᠠᠩᠴᠤ ᠲᠡᠭᠷᠢᠯᠢᠭ ᠢᠷᠠᠭᠤ ᠳᠥᠯᠭᠡᠬᠡᠨ ᠮᠥᠷᠲᠡᠭᠡᠨ ᠬᠢᠵᠠᠭᠠᠯᠠᠰᠢ ᠦᠭᠡᠢ ᠨᠡᠯᠦᠭᠡᠷ ᠶᠡᠭᠡ ᠲᠠᠯᠠᠢ ᠶᠢᠨ | ᠴᠡᠭᠡᠯ ᠳᠤᠨᠢ ᠬᠥᠯ ᠲᠦᠷᠦᠵᠤ ᠦᠵᠡᠭᠡ ᠦᠭᠡᠢ ᠠᠮᠢᠰᠬᠤᠯ ᠴᠢᠬᠤᠯᠳᠠᠭᠤᠯᠤᠨ ᠬᠦᠢᠰᠦ ᠬᠦᠷᠬᠦ ᠶᠢᠨ ᠤᠰᠤᠨ ᠤ ᠲᠦᠪᠰᠢᠨ ᠶᠤᠮ ᠪᠠᠶᠢᠨ᠎ᠠ᠃ | ᠡᠨᠡ ᠨᠢ ᠨᠠᠷᠠᠨ ᠤ ᠬᠢᠯᠢ᠂ ᠨᠠᠪᠴᠢᠨ ᠤ ᠬᠢᠯᠢ᠂ ᠨᠤᠲᠤᠭ ᠤᠨ ᠬᠢᠯᠢ᠂ ᠨᠢᠳᠦᠨ ᠤ ᠪᠠᠰᠠ ᠬᠢᠯᠢ ᠭᠡᠰᠡᠨ ᠢ ᠭᠱᠠᠨ ᠵᠠᠭᠤᠷ᠎ᠠ ᠨᠠᠳᠠ ᠠᠳᠠᠲᠠᠢ ᠲᠠᠨᠢᠭᠤᠯᠤᠯᠠ᠃ ᠭᠱᠠᠨ | ᠵᠠᠭᠤᠷ᠎ᠠ ᠨᠢ ᠭᠡᠨᠡᠨ ᠮᠥᠷᠲᠡᠭᠡᠨ ᠠᠵᠠ ᠵᠢᠷᠭᠠᠯ ᠤᠨ ᠭᠡᠨᠡᠳᠲᠡ ᠶᠢᠨ ᠥᠭᠭᠦᠭᠳᠡᠯ ᠪᠡᠯᠡᠭ ᠪᠠᠶᠢᠳᠠᠭ᠃ | ᠪᠢᠳᠡ ᠬᠤᠶᠠᠷ ᠠᠵᠠ ᠵᠢᠷᠭᠠᠯ ᠤᠨ ᠶᠠᠮᠠᠷ ᠦᠯᠢᠭᠡᠷ ᠲᠤᠮᠤᠭ ᠢ ᠡᠭᠦᠰᠬᠡᠬᠦ ᠪᠤᠢ ᠭᠡᠬᠦ ᠳᠤ᠄ ᠲᠡᠷᠡ ᠮᠠᠨᠢ ᠲᠡᠭᠷᠢ ᠳᠣᠣᠷᠠᠬᠢ ᠠᠯᠳᠠᠨ ᠠᠭᠠᠷ᠂ ᠠᠬᠤᠢ | ᠳᠡᠯᠡᠬᠡᠢ ᠶᠢᠨ ᠠᠷᠪᠠᠨ ᠵᠦᠭ ᠢ ᠬᠢᠵᠠᠭᠠᠷ ᠦᠭᠡᠢ ᠠᠮᠢᠰᠬᠤᠯᠯᠠᠵᠤ ᠭᠦᠷᠳᠡᠭᠦ ᠮᠡᠲᠦ ᠬᠤᠶᠠᠷ ᠭᠠᠷ ᠢᠶᠠᠨ ᠳᠡᠯᠭᠡᠨ ︽ᠬᠢᠵᠠᠭᠠᠷ ᠦᠭᠡᠢ ᠬᠢᠵᠠᠭᠠᠷ ᠠᠴᠠ ᠪᠢ ᠢᠷᠡᠯ᠎ᠡ᠃ | ᠬᠡᠳᠦᠨ ᠵᠠᠭᠤᠨ ᠤ ᠴᠠᠭᠠᠨ᠎ᠠ ᠠᠴᠠ ᠬᠡᠳᠦᠨ ᠲᠠᠯᠠᠢ ᠶᠢᠨ ᠴᠠᠭᠠᠨ᠎ᠠ ᠠᠴᠠ᠂ ᠬᠡᠳᠦᠨ ᠬᠠᠩᠭᠠᠢ ᠬᠥᠪᠴᠢ ᠶᠢᠨ ᠴᠠᠭᠠᠨ᠎ᠠ ᠁︾ ᠭᠡᠵᠦ ᠲᠠᠭᠤᠨ ᠠᠯᠳᠠᠨ | ᠬᠡᠯᠡᠭᠰᠡᠨ ᠢᠶᠠᠨ ᠳᠠᠭᠤᠷᠢᠰᠴᠤ ᠶᠡᠭᠡ ᠲᠠᠯ᠎ᠠ ᠶᠢᠨ ᠢᠶᠠᠨ ᠠᠨᠢᠷ ᠪᠣᠯᠣᠨ ᠶᠠᠪᠤᠬᠤ ᠳᠤ ︽ᠪᠢᠳᠡ ᠠᠵᠠ ᠵᠠᠶᠠᠭᠠᠨ ᠤ ᠲᠣᠭᠤᠷᠢᠭ ᠲᠤ ᠨᠡᠶᠢᠯᠡᠬᠦ ᠭᠡᠵᠦ ᠬᠡᠴᠢᠨᠡᠭᠡᠨ ᠠᠭᠤᠯᠠ | ᠤᠰᠤᠨ ᠤ ᠴᠠᠭᠠᠨ᠎ᠠ ᠠᠴᠠ ᠬᠡᠳᠦᠢ ᠴᠤ ᠵᠢᠳᠬᠦᠯ᠎ᠡ ᠳ᠋ᠠ︾ ᠭᠡᠵᠦ ᠪᠢ ᠬᠠᠷᠢᠭᠤ ᠬᠡᠯᠡᠭᠡᠳ ᠭᠱᠠᠨ ᠵᠠᠭᠤᠷ᠎ᠠ ᠶᠢᠨ ᠠᠵᠠ ᠵᠢᠷᠭᠠᠯ ᠳᠠᠭᠠᠨ ᠠᠩᠭᠢᠷ ᠬᠤᠶᠠᠷ ᠬᠤᠨ ᠰᠢᠭ᠋᠂ | ᠠᠯᠠᠭ ᠬᠤᠶᠠᠷ ᠡᠷᠪᠡᠬᠡᠢ ᠰᠢᠭ ᠭᠱᠠᠨ ᠵᠠᠭᠤᠷ᠎ᠠ ᠨᠢᠰᠴᠦ ᠢᠷᠡᠭᠡᠳ ᠭᠱᠠᠨ ᠵᠠᠭᠤᠷ᠎ᠠ ᠡᠭᠦᠷ ᠢᠶᠠᠨ ᠵᠠᠰᠠᠵᠤ᠂ ᠥᠨᠳᠡᠭᠡ ᠵᠤᠯᠵᠠᠭ᠎ᠠ ᠪᠠᠨ ᠪᠣᠶᠢᠵᠢᠭᠤᠯᠬᠤ ᠠᠪᠤ ᠡᠵᠢ ᠬᠤᠶᠠᠷ | ᠪᠣᠯᠵᠣᠮᠣᠷ ᠰᠢᠭ᠋ ᠠᠶᠠᠯᠭᠤ ᠢᠷᠠᠭᠤᠬᠠᠨ ᠪᠠᠶᠢᠯ᠎ᠠ᠃ | |