ᠨᠤᠲᠤᠭ ᠲᠤ ᠮᠢᠨᠢ ᠬᠠᠶᠢᠯᠠᠰᠤ ᠤᠯᠠᠨ ᠤᠷᠭᠤᠳᠠᠭ᠂ ᠪᠠᠷᠤᠭ ᠯᠠ ᠬᠠᠶᠢᠯᠠᠰᠤ ᠠᠴᠠ ᠥᠭᠡᠷ᠎ᠡ ᠲᠦᠷᠦᠯ ᠤᠨ ᠮᠣᠳᠣ ᠭᠡᠵᠦ ᠪᠠᠶᠢᠳᠠᠭ ᠦᠭᠡᠢ᠃ ᠮᠠᠩᠬᠠᠨ ᠤ | ᠭᠦᠪᠡᠭᠡ ᠭᠤᠣᠯ ᠤᠨ ᠲᠣᠬᠤᠢ ᠲᠠᠭᠠᠵᠤ ᠬᠠᠶᠠ ᠨᠢᠭᠡ ᠬᠤᠶᠠᠷ ᠰᠠᠭᠤᠷᠢ ᠤᠳᠠ ᠮᠣᠳᠣ ᠤᠷᠭᠤᠳᠠᠭ ᠴᠤ ᠴᠥᠭᠡᠬᠡᠨ ᠠᠴᠠ ᠴᠥᠭᠡᠨ᠃ | ᠡᠳᠦᠷ ᠲᠤᠳᠤᠮ ᠤᠨ ᠬᠡᠷᠡᠭᠯᠡᠭᠡᠨ ᠳᠤ ᠬᠠᠶᠢᠯᠠᠰᠤᠨ ᠮᠣᠳᠣ ᠴᠢᠬᠤᠯᠠ ᠪᠠᠶᠢᠷᠢ ᠶᠢ ᠡᠵᠡᠯᠡᠨ᠎ᠡ᠂ ᠬᠤᠨᠢ ᠦᠬᠡᠷ ᠤᠨ ᠫᠧᠩ ᠰᠠᠷᠠᠪᠴᠢ ᠪᠠᠷᠢᠬᠤ ᠳᠤ ᠨᠢᠷᠤᠭᠤ | ᠲᠤᠯᠭᠠᠭᠤᠷᠢ ᠪᠣᠯᠭᠠᠨ᠎ᠠ᠂ ᠠᠷᠭᠠᠯ ᠤᠨ ᠬᠠᠰᠢᠶ᠎ᠠ ᠲᠤᠭᠤᠯ ᠤᠨ ᠬᠤᠷᠤᠭ᠎ᠠ ᠤᠶᠠᠭ᠎ᠠ ᠳᠤ ᠪᠦᠷ ᠯᠠ ᠬᠠᠶᠢᠯᠠᠰᠤ ᠪᠠᠨ ᠬᠡᠷᠡᠭᠯᠡᠨ᠎ᠡ᠂ ᠡᠶᠢᠮᠦ ᠠᠴᠠ ᠪᠢ ᠡᠨᠡ ᠨᠠᠰᠤᠨ ᠳᠠᠭᠠᠨ | ᠬᠠᠶᠢᠯᠠᠰᠤ ᠠᠴᠠ ᠥᠭᠡᠷ᠎ᠡ ᠮᠣᠳᠣ ᠶᠢ ᠲᠠᠨᠢᠳᠠᠭ ᠦᠭᠡᠢ ᠭᠡᠵᠦ ᠬᠡᠯᠡᠭᠰᠡᠨ ᠴᠤ ᠪᠣᠯᠣᠨ᠎ᠠ᠃ | ᠨᠠᠮᠠᠶᠢ ᠪᠠᠭ᠎ᠠ ᠳᠤ ᠣᠲᠣᠷ ᠠᠴᠠ ᠪᠠᠷᠠᠭᠤᠨᠰᠢ ᠲᠠᠪᠤ ᠲᠤᠯᠤᠭᠠᠨ ᠭᠠᠵᠠᠷ ᠶᠠᠪᠤᠭᠰᠠᠭᠠᠷ ᠯᠠ ᠮᠠᠩᠬᠠᠨ ᠤ ᠪᠠᠷᠠᠭᠤᠨ ᠭᠦᠪᠡᠭᠡ ᠠᠴᠠ ᠴᠠᠭᠠᠰᠢ ᠦᠷᠭᠦᠯᠵᠢᠯᠡᠭᠰᠡᠨ | ᠶᠡᠭᠡ ᠬᠠᠶᠢᠯᠠᠰᠤᠨ ᠪᠤᠲᠠᠨ ᠳᠤ ᠣᠷᠣᠴᠢᠬᠠᠳᠠᠭ᠃ ᠶᠣᠰᠣᠲᠠᠢ ᠠᠭᠰᠢᠭᠤᠨ ᠪᠥᠭᠡᠳ ᠥᠨᠳᠥᠷ᠃ ᠨᠠᠮᠠᠭ᠎ᠠ ᠨᠠᠮᠠᠭ᠎ᠠ ᠪᠠᠨ ᠬᠤᠯᠪᠣᠨ ᠲᠠᠪᠤ ᠭᠤᠷᠪᠠ ᠪᠠᠷ ᠪᠦᠯᠦᠭᠯᠡᠨ | ᠰᠢᠬᠦᠷᠯᠡᠭᠡᠳ ᠬᠠᠷᠠᠬᠤ ᠳᠤ ᠶᠠᠭ ᠯᠠ ᠵᠢᠷᠤᠭ ᠶᠤᠮ ᠰᠢᠭ᠋ ᠦᠨᠡᠬᠡᠷ ᠭᠤᠶᠤ ᠰᠦᠷᠯᠢᠭ᠃ ᠨᠠᠮᠤᠷ ᠤᠨ ᠰᠡᠭᠦᠯᠴᠢ ᠡᠪᠦᠯ ᠤᠨ ᠡᠬᠢ ᠪᠣᠯᠣᠭᠰᠠᠭᠠᠷ ᠯᠠ ᠲᠠᠮ ᠪᠤᠯᠬᠤ ᠭᠡᠵᠦ | ᠠᠪᠤ ᠶᠢ ᠲᠠᠭᠠᠵᠦ ᠲᠦᠯᠡᠭᠡ ᠠᠪᠬᠤ ᠪᠠᠷ ᠪᠤᠲᠠᠨ ᠳᠤ ᠣᠷᠣᠳᠠᠭ᠃ | ᠠᠯᠤᠰ ᠠᠴᠠ ᠬᠠᠷᠠᠬᠤ ᠳᠤ ᠬᠠᠶᠢᠯᠠᠰᠤᠨ ᠪᠤᠲᠠ ᠡᠩᠨᠡᠷᠡᠨ ᠬᠥᠬᠡᠷᠡᠭᠡᠳ ᠶᠠᠭ ᠯᠠ ᠪᠢᠲᠡᠭᠦᠦ ᠶᠤᠮ ᠰᠢᠭ᠋᠂ ᠳᠣᠲᠣᠷ᠎ᠠ ᠨᠢ ᠣᠷᠣᠪᠠᠯ ᠥᠨᠳᠥᠷ ᠲᠣᠮᠣ ᠪᠠᠶᠢᠵᠤ᠂ | ᠪᠦᠳᠦᠭᠦᠨ ᠨᠢ ᠲᠡᠪᠡᠷᠢ ᠪᠠᠭᠲᠠᠳᠠᠭ ᠦᠭᠡᠢ ᠥᠨᠳᠥᠷ ᠨᠢ ᠭᠤᠷᠪᠠᠨ ᠲᠦᠷᠪᠠᠨ ᠵᠠᠩ ᠪᠠᠶᠢᠳᠠᠭ᠃ ᠪᠢ ᠬᠠᠶᠢᠯᠠᠰᠤᠨ ᠮᠣᠳᠣᠨ ᠤ ᠪᠦᠳᠦᠭᠦᠨ ᠢ ᠥᠭᠡᠷ᠎ᠡ ᠭᠠᠵᠠᠷ ᠠᠴᠠ | ᠪᠢᠰᠢ ᠨᠤᠲᠤᠭ ᠠᠴᠠ ᠪᠠᠨ ᠯᠠ ᠦᠵᠡᠭᠰᠡᠨ ᠳ᠋ᠠ᠃ | ᠲᠡᠷᠡ ᠦᠶᠡᠰ ᠲᠤ ᠪᠠᠶᠢᠭᠠᠯᠢ ᠰᠠᠶᠢᠬᠠᠨ᠃ ᠠᠳᠠ ᠪᠦᠷᠭᠦᠳ ᠨᠠᠴᠢᠨ ᠡᠯᠢᠶ᠎ᠡ᠂ ᠬᠠᠷᠴᠠᠭᠠᠢ ᠬᠢᠷᠭᠤᠢ ᠱᠠᠭᠠᠵᠠᠭᠠᠢ ᠲᠠᠭᠤ ᠭᠡᠳ ᠰᠢᠪᠠᠭᠤᠳ ᠤᠨ ᠵᠢᠷᠭᠠᠯᠠᠩ ᠤᠨ | ᠣᠷᠣᠨ ᠪᠠᠶᠢᠵᠤ᠂ ᠡᠨᠡ ᠮᠣᠳᠣᠨ ᠳᠣᠣᠷ᠎ᠠ ᠠᠴᠠ ᠨᠢ ᠦᠨᠡᠭᠡ ᠪᠣᠰᠴᠤ ᠲᠡᠷᠡᠬᠦ ᠰᠢᠷᠠᠯᠵᠢᠨ ᠳᠤᠮᠳᠠ ᠠᠴᠠ ᠨᠢ ᠲᠠᠤᠯᠠᠢ ᠪᠣᠯᠭᠢᠵᠤ ᠬᠢᠷᠰᠠ ᠡᠯᠪᠡᠩᠬᠦ ᠡᠯᠪᠡᠭ ᠪᠠᠶᠢᠭᠰᠠᠨ᠃ | ᠳᠡᠭᠡᠷ᠎ᠡ ᠵᠠᠭᠤᠨ ᠤ ᠵᠢᠷᠠᠨ ᠣᠨ ᠪᠤᠯᠳᠠᠯ᠎ᠠ ᠴᠢᠨ᠋ᠸ᠎ᠠ ᠴᠤ ᠪᠠᠶᠢᠵᠤ᠂ ᠪᠠᠶᠢᠭᠠᠯᠢ᠂ ᠠᠮᠢ ᠠᠬᠤᠢ ᠶᠢᠨ ᠲᠡᠩᠴᠡᠭᠦᠷᠢ ᠵᠢᠮ᠎ᠡ ᠵᠦᠢ ᠪᠠᠷ ᠢᠶᠠᠨ ᠪᠠᠶᠢᠭᠰᠠᠨ ᠢ | ᠪᠤᠭᠤᠷᠤᠯᠴᠤᠳ ᠠᠴᠠ ᠰᠤᠨᠤᠰᠬᠤ ᠳᠤ ᠲᠤᠮᠤᠭ ᠰᠢᠭ᠋ ᠰᠠᠶᠢᠬᠠᠨ ᠪᠠᠶᠢᠵᠤ ᠪᠢᠯᠡ᠃ | ᠬᠠᠶᠢᠯᠠᠰᠤᠨ ᠮᠣᠳᠣ ᠨᠢ ᠬᠠᠲᠠᠭᠤ ᠪᠥᠬᠡᠯᠢᠭ ᠪᠠᠶᠢᠳᠠᠭ ᠢᠶᠠᠷ ᠨᠢ ᠶᠡᠭᠡ ᠠᠴᠠ ᠨᠢ ᠬᠡᠯᠡᠪᠡᠯ᠂ ᠨᠢᠷᠤᠭᠤ ᠲᠤᠯᠭᠠᠭᠤᠷᠢ ᠠᠷᠠᠯ ᠲᠡᠩᠭᠡᠯᠢᠭ ᠮᠥᠭᠡᠷ ᠪᠤᠯᠤ ᠬᠢᠵᠦ | ᠪᠠᠭ᠎ᠠ ᠠᠴᠠ ᠨᠢ ᠶᠠᠷᠢᠪᠠᠯ ᠠᠴᠠ ᠰᠠᠪᠠᠷ ᠲᠠᠰᠢᠭᠤᠷ ᠤᠨ ᠡᠰᠢ᠂ ᠪᠢᠯᠠᠭᠤ ᠬᠢᠳᠡᠭ᠃ ᠬᠠᠶᠢᠯᠠᠰᠤᠨ ᠮᠣᠳᠣᠨ ᠤ ᠥᠩᠭᠡ ᠨᠢ ᠰᠠᠶᠢᠬᠠᠨ ᠪᠥᠭᠡᠳ ᠬᠤᠸᠠᠷ ᠨᠢ ᠨᠠᠷᠢᠯᠢᠭ | ᠤᠴᠢᠷ ᠬᠤᠭᠤᠯᠠᠨ ᠰᠢᠷᠡᠭᠡ ᠡᠷᠭᠢᠨᠡᠭ ᠬᠤᠷᠭᠤ ᠭᠡᠬᠦ ᠵᠡᠷᠭᠡ ᠬᠡᠷᠡᠭᠯᠡᠭᠡᠨ ᠤ ᠵᠦᠢᠯᠡᠰ ᠢᠶᠠᠨ ᠬᠠᠶᠢᠯᠠᠰᠤᠨ ᠪᠤᠲᠠᠨ ᠠᠴᠠ ᠪᠠᠨ ᠯᠠ ᠠᠪᠳᠠᠭ᠃ | ᠡᠮᠡᠭᠡ ᠶᠢᠨ ᠮᠢᠨᠢ ᠬᠠᠭᠤᠴᠢᠯᠠᠬᠤ ᠪᠠᠷ ᠨᠤᠲᠤᠭ ᠤᠨ ᠮᠠᠯᠴᠢᠳ ᠪᠡᠴᠢᠨ ᠵᠢᠯ ᠤᠨ ᠴᠠᠭ ᠤᠨ ᠮᠠᠭᠤ ᠶᠢ ᠡᠨᠡ ᠬᠦ ᠪᠤᠲᠠᠨ ᠤ ᠬᠠᠶᠢᠯᠠᠰᠤᠨ ᠳᠤᠷᠠᠰᠤ ᠵᠤᠭ᠎ᠠ ᠪᠠᠷ | ᠠᠮᠢ ᠵᠢᠭᠤᠵᠤ ᠥᠩᠭᠡᠷᠡᠭᠦᠯᠦᠭᠰᠡᠨ ᠭᠡᠨ᠎ᠡ᠃ ᠪᠢ ᠲᠡᠷᠡᠬᠦ ᠴᠠᠭ ᠤᠨ ᠮᠠᠭᠤ ᠶᠢ ᠨᠢ ᠮᠡᠳᠡᠳᠡᠭ ᠦᠭᠡᠢ ᠴᠦ ᠳᠡᠭᠡᠷ᠎ᠡ ᠵᠠᠭᠤᠨ ᠤ ᠵᠢᠷᠠᠭᠠᠳ ᠣᠨ ᠤ ᠰᠡᠭᠦᠯᠴᠢ ᠶᠢᠨ | ᠵᠢᠯ ᠤᠳ ᠲᠤ ᠬᠠᠪᠤᠷ ᠤᠨ ᠭᠠᠴᠢᠭ ᠪᠣᠯᠣᠭᠰᠠᠭᠠᠷ ᠯᠠ ᠢᠯᠠᠯᠲᠠ ᠬᠠᠳᠠᠲᠤ ᠶᠢᠨ ᠬᠢᠨ ᠮᠠᠭᠤ ᠰᠠᠶᠢᠨ ᠦᠬᠡᠷ ᠬᠤᠨᠢ ᠲᠡᠮᠡᠭᠡ ᠪᠠᠨ ᠪᠤᠲᠠᠨ ᠳᠤ ᠣᠷᠣᠭᠤᠯᠵᠤ ᠡᠨᠡ ᠬᠦ | ᠵᠤᠭ᠎ᠠ ᠶᠢᠨ ᠠᠴᠢ ᠪᠠᠷ ᠣᠨ ᠳᠤ ᠣᠷᠣᠭᠤᠯᠵᠤ ᠪᠠᠶᠢᠭᠰᠠᠨ ᠢᠶᠠᠨ ᠮᠠᠷᠲᠠᠵᠤ ᠴᠢᠳᠠᠬᠤ ᠦᠭᠡᠢ᠃ | ᠡᠷᠭᠦᠳᠡᠭ ᠦᠬᠡᠷ ᠬᠤᠨᠢᠳ ᠢᠶᠠᠨ ᠪᠤᠲᠠᠨ ᠤ ᠨᠥᠮᠥᠷᠢ ᠳᠤ ᠲᠠᠯᠪᠢᠴᠢᠬᠠᠭᠠᠳ᠂ ᠲᠡᠷᠡᠬᠦ ᠨᠢᠯᠵᠠᠷᠠᠢ ᠰᠠᠶᠢᠬᠠᠨ ᠵᠤᠭ᠎ᠠ ᠪᠠᠷ ᠲᠡᠵᠢᠭᠡᠬᠦ ᠳᠤ ᠯᠠ ᠳᠡᠮᠡᠢ ᠠᠷᠪᠠ | ᠬᠤᠨᠣᠬᠤ ᠦᠭᠡᠢ ᠪᠠᠷ ᠮᠠᠯ ᠤᠳ ᠤᠨ ᠨᠢᠳᠦ ᠨᠢ ᠥᠩᠭᠡ ᠣᠷᠣᠵᠤ ᠡᠷᠭᠦᠳᠡᠭ ᠠᠴᠠ ᠪᠠᠨ ᠭᠠᠷᠤᠨ ᠳᠠᠩᠭᠢᠨᠠᠭᠠᠳ ᠶᠠᠪᠤᠴᠢᠬᠠᠳᠠᠭ ᠲᠤᠯᠠ ᠡᠮᠡᠭᠡ ᠮᠢᠨᠢ ᠬᠠᠰᠢᠯᠠ | ᠨᠤᠲᠤᠭ ᠤᠨ ᠮᠢᠨᠢ ᠬᠡᠰᠢᠭ ᠠ᠋ ᠭᠡᠵᠦ ᠡᠷᠭᠦᠯᠲᠡ ᠪᠠᠨ ᠡᠷᠭᠦᠵᠦ ᠯᠠ ᠪᠠᠶᠢᠳᠠᠭ ᠰᠠᠨ᠃ | ᠳᠡᠭᠡᠷ᠎ᠡ ᠵᠠᠭᠤᠨ ᠤ ᠵᠢᠷᠠᠭᠠᠳ ᠣᠨ ᠤ ᠰᠡᠭᠦᠯᠴᠢ ᠲᠠᠯᠠᠭᠠᠳ ᠣᠨ ᠤ ᠡᠬᠢ ᠪᠠᠷ ᠠᠮᠢᠳᠤᠷᠠᠯ ᠬᠦᠴᠢᠷ ᠲᠠᠢ ᠪᠣᠯᠬᠤᠷ ᠮᠠᠨ ᠤ ᠬᠢᠨ ᠴᠤ ᠬᠠᠪᠤᠷ ᠪᠣᠯᠣᠭᠰᠠᠭᠠᠷ | ᠭᠤᠭᠤᠳ ᠲᠠᠭᠠᠨ᠎ᠠ ᠮᠠᠩᠭᠢᠷ ᠬᠠᠯᠠᠭᠠᠢ ᠨᠣᠶᠢᠯ ᠠᠷᠪᠠᠢ ᠪᠠᠷ ᠢᠶᠠᠨ ᠬᠠᠲᠠᠭᠤ ᠴᠠᠭ ᠲᠤ ᠬᠤᠨᠤᠭ ᠲᠠᠰᠤᠷᠠᠯ ᠦᠭᠡᠢ ᠥᠩᠭᠡᠷᠡᠭᠡᠵᠦ ᠶᠠᠪᠤᠭᠰᠠᠨ᠃ | ᠬᠠᠶᠢᠯᠠᠰᠤᠨ ᠮᠣᠳᠣ ᠭᠠᠩ ᠳᠤ ᠲᠡᠰᠪᠦᠷᠢ ᠲᠠᠢ᠂ ᠡᠪᠦᠯ ᠤᠨ ᠰᠢᠭᠤᠷᠭᠠᠨ ᠬᠠᠪᠤᠷ ᠤᠨ ᠰᠠᠯᠬᠢ ᠶᠢ ᠰᠥᠷᠦᠭᠡᠳ ᠯᠠ ᠨᠤᠲᠤᠭ ᠤᠨ ᠢᠶᠠᠨ ᠵᠤᠯᠠᠢ ᠳᠤ ᠰᠢᠬᠦᠷᠯᠡᠵᠦ | ᠪᠠᠶᠢᠳᠠᠭ ᠢᠶᠠᠷ ᠢᠶᠠᠨ ᠡᠨᠡ ᠨᠤᠲᠤᠭ ᠤᠨ ᠬᠥᠮᠥᠨ ᠵᠤᠨ ᠤ ᠠᠷᠠᠨᠰᠢᠨ ᠲᠠᠢ ᠶᠡᠭᠡ ᠯᠠ ᠲᠥᠰᠥᠷᠬᠡᠦ᠃ ᠵᠣᠷᠢᠮᠠᠭ ᠡᠷᠡᠳᠡᠭᠦᠨ ᠠᠮᠢᠵᠢᠷᠠᠯ ᠤᠨ ᠬᠦᠴᠦᠨ ᠢᠶᠠᠷ ᠲᠤᠶᠢᠯ ᠤᠨ | ᠴᠢᠩᠭ᠎ᠠ ᠪᠠᠶᠢᠵᠤ᠂ ᠬᠤᠭᠤᠷᠠᠬᠤ ᠠᠴᠠ ᠪᠢᠰᠢ ᠨᠤᠭᠤᠷᠠᠬᠤ ᠦᠭᠡᠢ ᠬᠠᠲᠠᠭᠤ ᠴᠢᠨᠠᠷ ᠨᠢ ᠰᠡᠳᠬᠢᠯ ᠢ ᠬᠥᠳᠡᠯᠭᠡᠨ᠎ᠡ᠃ ᠮᠠᠯᠴᠢᠳ ᠮᠢᠨᠢ ᠡᠶᠢᠮᠦ ᠯᠠ ᠬᠡᠴᠢᠨᠡᠨ ᠦᠶ᠎ᠡ ᠶᠢᠨ | ᠲᠡᠦᠬᠡᠨ ᠰᠢᠭᠤᠷᠭ᠎ᠠ ᠬᠡᠴᠢᠨᠡᠨ ᠤᠷᠳᠦ ᠡᠳᠦᠷ ᠬᠤᠨᠤᠭ ᠤᠳ ᠤᠨ ᠥᠯᠥᠰᠬᠦᠯᠡᠩ ᠶᠠᠳᠠᠯ ᠢ ᠲᠤᠭᠤᠯᠵᠦ ᠬᠡᠴᠢᠨᠡᠨ ᠬᠦᠨᠳᠦ ᠠᠮᠢᠳᠤᠷᠠᠯ ᠤᠨ ᠳᠠᠷᠤᠭᠠᠰᠤ ᠶᠢ | ᠡᠭᠦᠷᠭᠡᠯᠡᠭᠰᠡᠨ ᠴᠤ ᠶᠠᠭᠤ ᠴᠤ ᠳᠤᠤᠭᠠᠷᠤᠯ ᠦᠭᠡᠢ ᠬᠢᠳᠡᠭ ᠢᠶᠠᠨ ᠬᠢᠭᠡᠳ ᠯᠠ ᠶᠠᠪᠤᠳᠠᠭ ᠢᠶᠠᠷ ᠢᠶᠠᠨ ᠶᠠᠪᠤᠵᠤ ᠲᠡᠮᠡᠦᠯᠵᠦ ᠲᠡᠮᠡᠴᠡᠵᠦ ᠢᠷᠡᠭᠰᠡᠨ ᠶᠤᠮ ᠳ᠋ᠧ | ᠬᠥᠭᠡᠷᠦᠬᠦᠢ᠃ | ᠬᠢᠷᠠᠭᠤ ᠮᠥᠨᠳᠥᠷ ᠴᠠᠰᠤ ᠰᠢᠭᠤᠷᠭᠠᠨ ᠢ ᠰᠥᠷᠦᠨ ᠰᠡᠬᠦᠶᠢᠭᠰᠡᠨ ᠬᠠᠶᠢᠯᠠᠰᠤᠨ ᠮᠣᠳᠣᠨ ᠤ ᠪᠠᠨ ᠬᠠᠲᠠᠭᠤ ᠵᠠᠩ ᠴᠢᠨᠠᠷ ᠢ ᠳᠠᠭᠤᠷᠢᠶᠠᠭᠰᠠᠨ ᠶᠤᠮ ᠤᠤ︖ | ᠠᠯᠢ ᠡᠰᠡᠬᠦᠯ᠎ᠡ ᠠᠳᠡᠬᠢ ᠶᠢᠨ ᠬᠠᠶᠢᠯᠠᠰᠤᠨ ᠮᠣᠳᠣᠳ ᠨᠢ ᠮᠠᠯᠴᠢᠳ ᠢᠶᠠᠨ ᠳᠠᠭᠤᠷᠢᠶᠠᠭᠰᠠᠨ ᠴᠤ ᠶᠤᠮ ᠤᠤ︖ ᠭᠡᠵᠦ ᠪᠢ ᠦᠷᠭᠦᠯᠵᠢ ᠪᠤᠳᠤᠳᠠᠭ ᠪᠦᠯᠦᠭᠡ᠃ | ᠰᠡᠭᠦᠯ ᠤᠨ ᠦᠶ᠎ᠡ ᠳᠤ ᠪᠢᠳᠠ ᠬᠤᠷᠳᠤᠨ ᠤᠷᠭᠤᠴᠠ ᠲᠠᠢ ᠬᠠᠶᠢᠯᠠᠰᠤ ᠭᠡᠵᠦ ᠤᠯᠠᠨ ᠳᠠᠷᠢᠭᠰᠠᠨ ᠶᠤᠮ᠃ ᠦᠨᠡᠬᠡᠷ ᠨᠤᠲᠤᠭ ᠤᠨ ᠮᠢᠨᠢ ᠬᠠᠶᠢᠯᠠᠰᠤ ᠲᠠᠢ | ᠠᠳᠠᠯᠢᠳᠬᠠᠪᠠᠯ ᠤᠷᠭᠤᠬᠤ ᠨᠢ ᠬᠤᠷᠳᠤᠨ ᠠᠰᠬᠠᠨ ᠪᠥᠭᠡᠳ ᠦᠵᠡᠬᠦ ᠳᠤ ᠰᠠᠶᠢᠬᠠᠨ ᠪᠠᠶᠢᠯ᠎ᠠ᠃ ᠬᠠᠷᠠᠮᠰᠠᠯᠲᠠᠢ ᠨᠢ ᠳᠡᠮᠡᠢ ᠬᠡᠳᠦᠨ ᠵᠢᠯ ᠪᠣᠯᠣᠯ ᠦᠭᠡᠢ ᠪᠦᠷ | ᠦᠬᠦᠴᠢᠬᠡᠵᠡᠢ᠂ ᠭᠡᠬᠦ ᠳᠤ ᠮᠤᠷᠤᠢ ᠮᠤᠰᠢᠭᠠᠢ ᠠᠷᠵᠠᠭᠠᠷ ᠪᠠᠷᠵᠠᠭᠠᠷ ᠴᠤ ᠨᠤᠲᠤᠭ ᠤᠨ ᠬᠠᠶᠢᠯᠠᠰᠤ ᠮᠢᠨᠢ ᠥᠨᠥᠳᠥᠷ ᠲᠤ ᠭᠦᠷᠳᠡᠯ᠎ᠠ ᠮᠠᠩᠬᠠᠨ ᠬᠥᠲᠥᠯ ᠡᠷᠭᠢ | ᠲᠠᠨᠵᠢ ᠪᠠᠨ ᠰᠠᠬᠢᠵᠤ᠂ ᠡᠩᠨᠡᠷᠡᠨ ᠬᠥᠬᠡᠷᠡᠭᠰᠡᠭᠡᠷ ᠪᠠᠶᠢᠬᠤ ᠨᠢ ᠭᠠᠶᠢᠬᠠᠮᠰᠢᠭ ᠪᠢᠰᠢ ᠤᠤ︖ | ᠡᠭᠡᠯ ᠵᠢᠷ ᠤᠨ ᠨᠤᠲᠤᠭ ᠤᠨ ᠮᠢᠨᠢ ᠬᠠᠶᠢᠯᠠᠰᠤ ᠦᠨᠡᠬᠡᠷ ᠭᠠᠶᠢᠬᠠᠮᠰᠢᠭ᠂ ᠪᠢ ᠨᠤᠲᠤᠭ ᠤᠨ ᠢᠶᠠᠨ ᠬᠠᠶᠢᠯᠠᠰᠤ ᠳᠤ ᠬᠠᠶᠢᠷᠠᠲᠠᠢ ᠁ | | | |