ᠰᠢᠯᠦᠭᠴᠢ ᠭᠤᠸᠠᠢ ᠠᠳᠠᠯᠢᠬᠠᠨ ᠵᠡᠭᠦᠳᠦ ᠶᠢ ᠭᠡᠳᠤ ᠤᠳᠠᠭ᠎ᠠ ᠵᠡᠭᠦᠳᠦᠯᠡᠵᠡᠢ᠃ | ᠦᠳᠡ ᠶᠢᠨ ᠨᠣᠶᠢᠷ ᠤᠨ ᠳᠤᠮᠳᠠ ᠪᠠᠨ ᠳᠠᠩᠳᠠ ᠨᠢᠭᠡᠨ ᠪᠤᠭᠤᠷᠤᠯ ᠬᠥᠭᠰᠢᠨ ᠥᠪᠡᠷ ᠢ ᠨᠢ ᠳᠠᠭᠤᠳᠠᠵᠤ ᠢᠳᠡᠬᠦ ᠳᠤᠷ᠎ᠠ ᠲᠠᠢ ᠭᠤᠭᠤᠳ ᠤᠨ ᠰᠢᠶᠠᠨᠽᠢ ᠲᠠᠢ | ᠱᠠᠯᠪᠢᠩ ᠢ ᠨᠢ ᠢᠳᠡᠭᠦᠯᠵᠦ ᠪᠠᠶᠢᠨ᠎ᠠ ᠭᠡᠵᠦ ᠵᠡᠭᠦᠳᠦᠯᠡᠭᠡᠳ ᠰᠡᠷᠢᠳᠡᠭ ᠠᠵᠢ᠃ | ᠨᠢᠭᠡ ᠤᠳᠠᠭ᠎ᠠ ᠶᠢᠨ ᠵᠡᠭᠦᠳᠦ ᠨᠢ ᠨᠡᠩ ᠴᠦ ᠦᠨᠡᠨ ᠰᠢᠭ᠃ ᠰᠡᠷᠢᠭᠦ ᠳᠤ ᠠᠮᠠᠨ ᠳᠤᠨᠢ ᠭᠤᠭᠤᠳ ᠠᠮᠲᠠᠭᠳᠠᠭᠰᠠᠭᠠᠷ ᠠᠵᠢ᠃ | ᠰᠢᠯᠦᠭᠴᠢ ᠭᠠᠶᠢᠬᠠᠯ ᠳᠦᠷᠦᠵᠤ ᠵᠡᠭᠦᠳᠦᠨ ᠳᠤ ᠢᠯᠡᠷᠡᠭᠰᠡᠨ ᠵᠡᠭᠡᠯᠢ ᠭᠤᠳᠤᠮᠵᠢ ᠶᠢ ᠮᠦᠷᠳᠡᠨ ᠶᠠᠪᠤᠵᠤ ᠦᠵᠡᠵᠡᠢ᠃ ᠨᠡᠬᠡᠷᠡᠨ ᠵᠡᠭᠦᠳᠦᠨ ᠳᠠᠬᠢ ᠲᠡᠷᠡ ᠵᠡᠭᠡᠯᠢ | ᠭᠤᠳᠤᠮᠵᠢ ᠲᠠᠢ ᠠᠳᠠᠯᠢᠪᠲᠤᠷ ᠭᠠᠵᠠᠷ ᠢ ᠣᠯᠵᠤ ᠮᠠᠲᠠᠵᠠᠢ᠃ ᠳᠣᠲᠣᠭᠰᠢ ᠠᠯᠬᠤᠭᠰᠠᠭᠠᠷ ᠶᠠᠪᠤᠵᠤ ᠥᠨᠥ ᠬᠠᠭᠤᠴᠢᠪᠲᠤᠷ ᠭᠡᠷ ᠤᠨ ᠡᠭᠦᠳᠡᠨ ᠳᠤ ᠢᠷᠡᠵᠠᠢ᠃ ᠨᠢᠭᠡᠨ | ᠪᠤᠭᠤᠷᠤᠯ ᠬᠥᠭᠰᠢᠨ ᠭᠠᠭᠴᠠᠭᠠᠷ ᠠᠮᠢᠳᠤᠷᠠᠳᠠᠭ ᠪᠠᠶᠢᠵᠠᠢ᠃ | ᠬᠥᠭᠰᠢᠨ ᠲᠠᠢ ᠨᠡᠯᠢᠶᠡᠳ ᠵᠣᠭᠤᠭᠳᠠᠭᠠᠳ ᠴᠦ ᠳᠡᠮᠡᠢ ᠤᠨᠴᠠᠭᠠᠢ ᠪᠠᠶᠢᠳᠠᠯ ᠢ ᠢᠯᠡᠷᠡᠭᠦᠯᠦᠭᠰᠡᠨ ᠦᠭᠡᠢ᠃ ᠭᠡᠪᠡᠴᠦ ᠨᠢᠭᠡ ᠵᠢᠵᠢᠭ ᠥᠷᠥᠭᠡᠨ ᠳᠤᠨᠢ ᠣᠷᠣᠭᠠᠳ | ᠣᠴᠢᠬᠤ ᠳᠤ ᠤᠯᠠᠨ ᠪᠢᠴᠢᠭ ᠨᠣᠮ ᠬᠤᠷᠢᠶᠠᠯᠭᠠᠰᠤᠳᠠᠢ ᠪᠠᠶᠢᠭᠰᠠᠨ ᠢ ᠣᠯᠵᠤ ᠮᠠᠲᠠᠵᠠᠢ᠃ | ᠬᠥᠭᠰᠢᠨ ᠢ ᠨᠣᠮ ᠤᠩᠰᠢᠳᠠᠭ ᠶᠤᠮ ᠤᠤ ᠪᠢᠴᠢᠳᠡᠭ ᠨᠢᠭᠡ ᠨᠢ ᠪᠠᠶᠢᠭᠰᠠᠨ ᠪᠣᠯ ᠤᠤ ᠭᠡᠵᠦ ᠭᠠᠶᠢᠬᠠᠰᠢᠷᠠᠨ ᠠᠰᠠᠭᠤᠬᠤ ᠳᠤ ᠬᠥᠭᠰᠢᠨ᠄ ︽ᠪᠢ ᠶᠠᠮᠠᠷ ᠨᠣᠮ | ᠤᠩᠰᠢᠴᠢᠬᠠᠬᠤ ᠪᠤᠢ ᠳ᠋ᠠ᠃ ᠲᠡᠷᠡ ᠴᠢᠨᠢ ᠮᠢᠨᠤ ᠬᠡᠦᠬᠡᠨ ᠤ ᠨᠣᠮ︾ ᠭᠡᠵᠡᠢ᠃ | ᠬᠡᠦᠬᠡᠨ ᠨᠢ ᠬᠤᠷᠢᠭᠠᠳᠬᠠᠨ ᠨᠠᠰᠤᠨ ᠳᠠᠭᠠᠨ ᠨᠠᠰᠤ ᠪᠠᠷᠠᠭᠰᠠᠨ ᠭᠡᠨ᠎ᠡ᠃ ᠬᠥᠭᠰᠢᠨ ᠤ ᠠᠵᠠ ᠪᠤᠰᠤ ᠤᠴᠠᠷᠠᠯ ᠳᠤ ᠴᠣᠴᠢᠷᠳᠠᠭᠰᠠᠨ ᠰᠢᠯᠦᠭᠴᠢ ᠭᠤᠸᠠᠢ | ᠴᠢᠨᠠᠭᠰᠢ ᠶᠠᠭᠤ ᠴᠦ ᠬᠡᠯᠡᠵᠦ ᠴᠢᠳᠠᠭᠰᠠᠨ ᠦᠭᠡᠢ᠃ ᠬᠠᠷᠢᠨ ᠨᠣᠮ ᠤᠨ ᠵᠠᠪᠰᠠᠷ ᠠᠴᠠ ᠬᠡᠦᠬᠡᠨ ᠤ ᠬᠢᠨᠢ ᠡᠷᠢᠶᠡᠴᠢᠭᠰᠡᠨ ᠴᠠᠭᠠᠰᠤ ᠬᠠᠪᠴᠢᠭᠤᠯᠤᠭᠠᠰᠤᠲᠠᠢ ᠶᠢ ᠣᠯᠵᠤ | ᠬᠠᠷᠠᠵᠠᠢ᠃ ᠭᠠᠶᠢᠬᠠᠯᠲᠠᠢ ᠨᠢ ᠥᠪᠡᠷ ᠤᠨ ᠬᠢᠨᠢ ᠭᠠᠷ ᠤᠨ ᠲᠢᠭ ᠲᠠᠢ ᠶᠠᠭ ᠠᠳᠠᠯᠢᠬᠠᠨ ᠪᠠᠶᠢᠭᠰᠠᠨ ᠪᠥᠭᠡᠳ ᠨᠡᠩ ᠭᠠᠶᠢᠬᠠᠯᠲᠠᠢ ᠤᠴᠢᠷ ᠭᠠᠷᠴᠤ ᠢᠷᠡᠪᠡ᠃ ᠬᠡᠦᠬᠡᠨ | ᠨᠢ ᠭᠤᠭᠤᠳ ᠤᠨ ᠰᠢᠶᠠᠨᠽᠢ ᠲᠠᠢ ᠱᠠᠯᠪᠢᠩ ᠢᠳᠡᠬᠦ ᠳᠤᠷ᠎ᠠ ᠲᠠᠢ ᠪᠣᠯᠬᠤᠷ ᠨᠢ ᠬᠥᠭᠰᠢᠨ ᠭᠤᠭᠤᠳ ᠤᠨ ᠰᠢᠶᠠᠨᠽᠢ ᠲᠠᠢ ᠱᠠᠯᠪᠢᠩ ᠬᠢᠬᠦ ᠪᠣᠯᠭᠠᠨ ᠡᠭᠦᠳᠡᠨ | ᠳᠡᠭᠡᠷ᠎ᠡ ᠪᠠᠨ ᠵᠣᠭᠰᠣᠵᠤ ᠬᠡᠦᠬᠡᠨ ᠤ ᠪᠠᠨ ᠨᠡᠷ᠎ᠡ ᠪᠠᠷ ᠳᠠᠭᠤᠳᠠᠵᠤ ᠢᠳᠡᠭᠡᠨ ᠢᠶᠠᠨ ᠡᠷᠭᠦᠳᠡᠭ ᠭᠡᠨ᠎ᠡ᠃ | ᠭᠡᠷ ᠲᠡᠭᠡᠨ ᠬᠠᠷᠢᠵᠤ ᠢᠷᠡᠴᠢᠬᠡᠭᠡᠳ ᠴᠦ ᠰᠢᠯᠦᠭᠴᠢ ᠭᠤᠸᠠᠢ ᠶᠢᠨ ᠰᠡᠳᠬᠢᠯ ᠤᠨ ᠳᠣᠭᠳᠣᠯᠤᠯ ᠨᠢ ᠤᠳᠠᠲᠠᠯ᠎ᠠ ᠨᠠᠮᠵᠢᠷᠠᠵᠤ ᠥᠭᠭᠦᠭᠰᠡᠨ ᠦᠭᠡᠢ᠃ ᠰᠢᠯᠦᠭᠴᠢ | ᠭᠤᠸᠠᠢ ᠲᠡᠷᠡ ᠬᠥᠭᠰᠢᠨ ᠢ ᠥᠪᠡᠷ ᠲᠠᠢ ᠨᠢ ᠬᠤᠯᠪᠤᠭ᠎ᠠ ᠲᠠᠢ᠂ ᠲᠦᠷᠦᠭᠦᠦ ᠲᠦᠷᠦᠯ ᠤᠨ ᠬᠢᠨᠢ ᠡᠵᠢ ᠨᠢ ᠮᠥᠨ ᠭᠡᠵᠦ ᠢᠲᠡᠭᠡᠵᠡᠢ᠃ ᠳᠡᠭᠡᠭᠡᠳ ᠬᠥᠭᠰᠢᠨ ᠢ ᠨᠠᠰᠤᠨ | ᠡᠴᠦᠰ ᠪᠤᠯᠳᠠᠯ᠎ᠠ ᠨᠢ ᠠᠴᠢᠯᠠᠭᠰᠠᠨ ᠶᠤᠮ ᠪᠠᠶᠢᠨ᠎ᠠ᠃ | ᠪᠢ ᠡᠨᠡ ᠦᠯᠢᠭᠡᠷ ᠢ ᠰᠣᠨᠣᠰᠤᠭᠠᠳ ᠬᠤᠶᠠᠷ ᠵᠦᠢᠯ ᠤᠨ ᠶᠠᠭᠤᠮ᠎ᠠ ᠶᠢ ᠰᠡᠳᠬᠢᠯ ᠠᠴᠠ ᠪᠠᠨ ᠰᠦᠰᠦᠭᠯᠡᠨ ᠪᠢᠰᠢᠷᠡᠭᠰᠡᠨ᠃ ᠨᠢᠭᠡ ᠨᠢ ᠬᠥᠮᠥᠨ ᠤ | ᠬᠤᠷᠢᠶᠠᠭᠰᠠᠨ ᠪᠤᠶᠠᠨ᠃ ᠨᠣᠮ ᠪᠢᠴᠢᠭ ᠲᠠᠢ ᠣᠶᠢᠷᠠᠲᠤᠯᠴᠠᠬᠤ ᠶᠡᠭᠡ ᠶᠢ ᠪᠦᠲᠦᠭᠡᠬᠦ ᠭᠡᠭᠴᠢ ᠭᠠᠭᠴᠠ ᠲᠦᠷᠦᠯ ᠤᠨ ᠶᠠᠭᠤᠮ᠎ᠠ ᠪᠢᠰᠢ᠃ ᠬᠡᠳᠦᠨ ᠳᠦᠷᠦᠯ ᠢᠶᠠᠷ | ᠬᠤᠷᠢᠶᠠᠳᠠᠭ ᠬᠢᠴᠢᠶᠡᠳᠡᠭ ᠬᠢᠳᠡᠯ ᠶᠤᠮ ᠪᠠᠶᠢᠨ᠎ᠠ᠃ ᠰᠤᠷᠤᠯᠴᠠᠬᠤ ᠪᠦᠲᠦᠭᠡᠬᠦ ᠳᠤ ᠵᠠᠭᠤᠨ ᠨᠠᠰᠤ ᠴᠦ ᠳᠠᠩᠴᠢ ᠪᠣᠭᠤᠨᠢᠬᠠᠨ ᠲᠤᠯᠠ ᠳᠠᠷᠠᠭ᠎ᠠ ᠲᠦᠷᠦᠯ ᠳᠤ ᠴᠦ | ᠦᠷᠭᠦᠯᠵᠢᠯᠡᠭᠦᠯᠳᠡᠭ ᠶᠣᠰᠣᠲᠠᠢ ᠪᠤᠯᠤᠯᠳᠠᠢ᠃ ᠨᠦᠭᠦᠭᠡ ᠨᠢ ᠡᠬᠡ ᠶᠢᠨ ᠬᠠᠶᠢᠷ᠎ᠠ᠃ ᠥᠭᠡᠷ᠎ᠡ ᠶᠠᠭᠤᠮ᠎ᠠ ᠴᠥᠬᠦᠳᠡᠭ ᠴᠦ ᠭᠠᠭᠴᠠ ᠡᠬᠡ ᠬᠥᠮᠥᠨ ᠤ ᠬᠠᠶᠢᠷ᠎ᠠ ᠯᠡ | ᠲᠥᠭᠡᠷᠢᠳᠡᠭ ᠦᠭᠡᠢ ᠴᠥᠬᠦᠳᠡᠭ ᠦᠭᠡᠢ ᠦᠷ᠎ᠡ ᠬᠡᠦᠬᠡᠳ ᠨᠢ ᠳᠦᠷᠦᠯ ᠠᠷᠠᠯᠵᠢᠭᠰᠠᠨ ᠴᠦ ᠳᠠᠭᠤᠳᠠᠭᠠᠳ ᠡᠷᠢᠭᠡᠳ ᠣᠯᠳᠠᠭ ᠶᠤᠮ ᠪᠠᠶᠢᠨ᠎ᠠ᠃ ᠢᠩᠭᠢᠭᠡᠳ ᠪᠤᠳᠤᠪᠠᠯ | ᠠᠮᠢᠳᠤᠷᠠᠯ ᠭᠠᠶᠢᠬᠠᠯᠲᠠᠢ ᠪᠠᠶᠢᠳᠠᠭ ᠪᠢᠵᠡ⁈ | | |