ᠪᠠᠯᠪᠠᠴᠢ ᠶᠢᠨ ᠷᠠᠰᠢᠶᠠᠨ
ᠨᠡᠶᠢᠲᠡᠯᠡᠭᠰᠡᠨ ᠴᠠᠭ᠄
2024/10/25
       ᠡᠷᠲᠡ ᠤᠷᠢᠳᠤ ᠶᠢᠨ ᠴᠠᠭ ᠲᠤ᠂ ᠠᠶᠤᠤᠯᠢᠬᠠᠢ ᠶᠢᠨ ᠭᠤᠪᠢ ᠳᠤ ᠬᠤᠶᠠᠷ ᠠᠩᠴᠢᠨ ᠨᠤᠮᠤ ᠰᠠᠭᠠᠳᠠᠭ ᠢᠶᠠᠨ  ᠠᠭᠰᠠᠵᠤ ᠠᠪᠠᠯᠠᠨ ᠶᠠᠪᠤᠭᠰᠠᠭᠠᠷ ᠣᠷᠬᠢᠯ  ᠥᠨᠳᠥᠷ ᠠᠮᠢᠰᠬᠤᠯ ᠰᠣᠷᠭᠤᠭ᠂ ᠪᠤᠭᠤ ᠣᠷᠣᠩᠨᠠᠵᠤ ᠪᠤᠯᠠᠭ  ᠭᠤᠷᠴᠢᠭᠢᠨᠠᠭᠰᠠᠨ ᠪᠡᠷᠬᠡ ᠶᠢᠨ ᠰᠠᠶᠢᠬᠠᠨ ᠣᠷᠣᠨ ᠳᠤ ᠬᠦᠷᠬᠦ ᠳᠤ ᠪᠠᠨ ︽ᠲᠠᠭ᠂ ᠲᠠᠭ ᠁︾ ᠭᠡᠬᠦ  ᠲᠠᠭᠤᠨ ᠢ  ᠰᠣᠨᠣᠰᠴᠤ ᠨᠢᠭᠡ ᠨᠢ᠄ ︽ᠬᠥᠶ᠋ᠢ︕ ᠪᠠᠯᠪᠠᠵᠤ ᠪᠠᠶᠢᠨ᠎ᠠ︾ ᠭᠡᠬᠦ ᠳᠤ ᠨᠦᠬᠦᠭᠡ ᠨᠢ᠄ ︽ᠦᠭᠡᠢ᠂ ᠶᠠᠭ ᠡᠮ  ᠨᠦᠳᠦᠵᠦ ᠪᠠᠶᠢᠬᠤ ᠰᠢᠭ᠋︾ ᠭᠡᠵᠦ ᠪᠠᠶᠠᠷᠯᠠᠨ  ᠥᠭᠦᠯᠡᠬᠦ ᠳᠤ ᠨᠦᠭᠦᠭᠡ ᠨᠢ᠄ ︽ᠪᠤᠭᠤᠷᠤᠯ ᠡᠵᠢ ᠪᠠᠨ ᠡᠳᠡᠭᠡᠷᠡᠭᠦᠯᠦᠨ  ᠪᠣᠰᠬᠠᠬᠤ ᠬᠤᠪᠣᠷ ᠠᠳᠢᠰ ᠴᠦ ᠪᠣᠯᠪᠠᠤ︖︾ ᠭᠡᠵᠦ ᠰᠡᠭᠦᠷᠡᠰᠦ ᠠᠯᠳᠠᠪᠠ ᠭᠡᠨ᠎ᠡ᠃ ᠣᠨ ᠵᠢᠯ  ᠤᠳᠠᠭᠰᠠᠨ ᠦᠭᠡᠢ ᠪᠠᠷ ᠡᠨᠡ ᠠᠭᠤᠯᠠᠨ ᠤ ᠪᠠᠷᠠᠭᠤᠨ ᠬᠤᠶᠢᠨᠠᠬᠢ ᠬᠤᠸᠠ ᠶᠢᠨ ᠬᠤᠶᠢᠲᠤ ᠰᠣᠵᠢᠭ ᠲᠤ ᠨᠢᠭᠡ ᠪᠤᠯᠠᠭ ᠣᠷᠭᠢᠯᠪᠠ᠃ ᠡᠭᠦᠨ ᠠᠴᠠ ᠬᠤᠶᠢᠰᠢ ᠪᠠᠯᠪᠠᠭᠤ  ᠲᠠᠭᠤ ᠨᠢ ᠪᠤᠯᠠᠭ ᠤᠨ ᠪᠣᠷᠭᠢᠯᠭᠠᠨ ᠢᠶᠠᠷ ᠰᠣᠯᠢᠭᠳᠠᠵᠤ ᠭᠡᠨ᠎ᠡ᠃ ᠲᠡᠭᠡᠭᠡᠳ ᠨᠢᠭᠡᠨ ᠰᠢᠷ᠎ᠠ  ᠪᠣᠷᠣ ᠶᠢᠨ ᠭᠡᠮ ᠲᠠᠢ ᠶᠠᠳᠠᠭᠤ ᠬᠥᠭᠰᠢᠨ ᠪᠤᠯᠠᠭ ᠠᠴᠠ ᠭᠠᠷ ᠢᠶᠠᠷ ᠢᠶᠠᠨ  ᠪᠢᠳᠠᠭᠦᠯᠦᠨ ᠤᠤᠭᠤᠵᠤ᠂ ᠤᠯᠠᠶᠢᠭᠰᠠᠨ  ᠨᠢᠳᠦᠨ ᠳᠡᠭᠡᠷ᠎ᠡ ᠪᠠᠨ ᠱᠠᠪᠰᠢᠭᠰᠠᠨ ᠳᠤ ᠡᠪᠡᠳᠦᠭᠰᠡᠨ ᠨᠢᠳᠦ ᠨᠢ ᠡᠳᠡᠭᠡᠷᠵᠤ ᠭᠡᠨ᠎ᠡ᠃ ᠲᠡᠭᠦᠨ ᠠᠴᠠ ᠬᠤᠶᠢᠰᠢ ᠡᠨᠡ   ᠪᠤᠯᠠᠭ ᠢ ︽ᠪᠠᠯᠪᠠᠴᠢ ᠶᠢᠨ ᠷᠠᠰᠢᠶᠠᠨ︾ ᠭᠡᠵᠦ ᠨᠡᠷᠡᠯᠡᠯ᠎ᠡ ᠭᠡᠳᠡᠭ᠃      
ᠢᠷᠡᠯᠲᠡ᠄ ᠪᠠᠷᠠᠭᠤᠨ ᠦᠵᠦᠮᠦᠴᠢᠨ ᠬᠤᠰᠢᠭᠤᠨ ᠤ ᠠᠷᠠᠳ ᠤᠨ ᠵᠠᠰᠠᠭ ᠤᠨ ᠣᠷᠳᠣᠨ