ᠲᠠᠪᠤᠨ ᠰᠠᠷ᠎ᠠ ᠶᠢᠨ ᠬᠠᠯᠠᠭᠠᠢ ᠶᠢ ᠠᠷᠠᠳ ᠤᠨ ᠤᠯᠠᠮᠵᠢᠯᠠᠯᠲᠤ ᠡᠮᠴᠢᠯᠡᠭᠡᠨ ᠳᠤ ᠥᠷᠭᠡᠨ ᠬᠡᠷᠡᠭᠯᠡᠳᠡᠭ᠃ ᠡᠨᠡ ᠦᠶ᠎ᠡ ᠳᠤ ᠬᠠᠯᠠᠭᠠᠢ 25 ᠊᠊᠊᠊᠊ 30 | ᠰᠠᠨᠲ᠋ᠢᠮᠧᠲᠷ ᠤᠷᠭᠤᠭᠰᠠᠨ ᠪᠠᠶᠢᠳᠠᠭ᠂ ᠲᠠᠪᠤᠨ ᠰᠠᠷ᠎ᠠ ᠶᠢᠨ ᠬᠠᠯᠠᠭᠠᠢ ᠶᠢ ᠬᠠᠲᠠᠭᠠᠵᠤ ᠡᠰᠡᠪᠡᠯ ᠰᠢᠭᠤᠳ ᠬᠡᠷᠡᠭᠯᠡᠵᠦ ᠪᠣᠯᠣᠨ᠎ᠠ᠃ ᠶᠡᠷᠦᠨᠢ ᠬᠠᠯᠠᠭᠠᠢ ᠶᠢ ᠵᠠᠪᠠᠯ ᠲᠠᠪᠤᠨ | ᠰᠠᠷ᠎ᠠ ᠭᠡᠰᠡᠨ ᠦᠭᠡᠢ 8 ᠊᠊᠊᠊᠊ 9 ᠰᠠᠷ᠎ᠠ ᠳᠤ ᠴᠤ ᠲᠡᠭᠦᠨ ᠠᠪᠴᠤ ᠬᠠᠲᠠᠭᠠᠵᠤ ᠬᠡᠷᠡᠭᠯᠡᠵᠦ ᠪᠣᠯᠣᠨ᠎ᠠ᠃ ᠬᠠᠯᠠᠭᠠᠢ ᠶᠢ ᠵᠤᠨ ᠤ ᠰᠡᠬᠦᠯ᠂ ᠨᠠᠮᠤᠷ ᠤᠨ ᠡᠬᠢ ᠪᠠᠷ | ᠬᠤᠷᠢᠶᠠᠨ ᠠᠪᠴᠤ ᠳᠠᠷᠤᠰᠢᠭᠤᠯᠤᠨ ᠵᠥᠪ ᠬᠠᠳᠠᠭᠠᠯᠠᠬᠤ ᠨᠢ ᠴᠢᠬᠤᠯᠠ ᠪᠠᠶᠢᠳᠠᠭ᠃ ᠬᠠᠯᠠᠭᠠᠢ ᠨᠢ ᠸᠢᠲ᠋ᠠᠮᠢᠨ C ᠊᠊᠊ K ᠪᠠᠷ ᠪᠠᠶᠠᠯᠢᠭ᠂ ᠤᠭᠤᠷᠠᠭ᠂ ᠲᠡᠮᠦᠷ᠂ ᠺᠠᠯᠼ᠂ | ᠮᠠᠭᠨᠢ᠂ ᠴᠠᠶᠢᠷ ᠵᠡᠷᠭᠡ ᠡᠯᠧᠮᠧᠨ᠋ᠲ ᠤᠳ ᠶᠡᠭᠡ ᠬᠡᠮᠵᠢᠶ᠎ᠡ ᠪᠠᠷ ᠠᠭᠤᠯᠳᠠᠭ᠃ ᠴᠢᠰᠤ ᠳᠤᠲᠠᠳᠠᠭ ᠬᠥᠮᠥᠰ 500 ᠭᠷᠡᠮ ᠵᠥᠭᠡᠢ ᠶᠢᠨ ᠪᠠᠯ ᠳᠤ 100 ᠭᠷᠡᠮ ᠬᠠᠲᠠᠭᠠᠵᠤ | ᠨᠤᠨᠳᠠᠭᠯᠠᠭᠰᠠᠨ ᠬᠠᠯᠠᠭᠠᠢ ᠶᠢ ᠬᠢᠵᠦ ᠨᠠᠶᠢᠷᠠᠭᠤᠯᠤᠨ᠂ ᠬᠤᠭᠤᠯᠠᠯᠠᠭᠰᠠᠨ ᠤ ᠳᠠᠷᠠᠭ᠎ᠠ ᠡᠳᠦᠷ ᠲᠤ ᠬᠠᠯᠪᠠᠭ᠎ᠠ ᠪᠠᠷ 3 ᠤᠳᠠᠭ᠎ᠠ ᠤᠤᠭᠤᠨ᠎ᠠ᠃ ᠡᠯᠢᠭᠡ ᠰᠥᠰᠥ | ᠬᠤᠳᠣᠭᠤᠳᠤ ᠰᠢᠯᠤᠭᠤᠨ ᠭᠡᠳᠡᠰᠦᠨ ᠤ ᠰᠠᠯᠢᠰᠤᠲᠤ ᠶᠢᠨ ᠦᠷᠪᠢᠰᠦᠯ᠂ ᠨᠣᠶᠢᠷ ᠬᠤᠯᠵᠢᠬᠤ᠂ ᠤᠰᠤᠨ ᠬᠠᠪᠤᠩ ᠬᠥᠭᠡᠬᠦ᠂ ᠡᠮᠡᠭᠲᠡᠶᠢᠴᠦᠳ ᠤᠨ ᠰᠠᠪᠠᠨ ᠤ | ᠡᠪᠡᠳᠴᠢᠨ ᠳᠤ ᠬᠠᠯᠠᠭᠠᠢ ᠶᠢ ᠥᠷᠭᠡᠨ ᠬᠡᠷᠡᠭᠯᠡᠨ᠎ᠡ᠃ ᠡᠭᠦᠨ ᠤ ᠲᠤᠯᠠᠳᠠ 200 ᠮᠢᠯᠢᠯᠢᠲ᠋ᠧᠷ ᠬᠠᠯᠠᠭᠤᠨ ᠤᠰᠤᠨ ᠳᠤ ᠬᠠᠲᠠᠭᠠᠵᠤ ᠨᠤᠨᠳᠠᠭᠯᠠᠭᠰᠠᠨ ᠨᠢᠭᠡ ᠬᠠᠯᠪᠠᠭ᠎ᠠ | ᠬᠠᠯᠠᠭᠠᠢ ᠶᠢ ᠬᠢᠵᠦ 1 ᠴᠠᠭ ᠣᠷᠴᠢᠮ ᠢᠳᠡᠭᠡᠰᠢᠭᠦᠯᠵᠦ᠂ ᠡᠳᠦᠷ ᠲᠤ ᠭᠤᠷᠪᠠ ᠬᠤᠪᠢᠶᠠᠨ ᠬᠤᠭᠤᠯᠠᠨ ᠤ ᠳᠠᠷᠠᠭ᠎ᠠ ᠤᠤᠭᠤᠨ᠎ᠠ᠃ ᠠᠷᠠᠰᠤ ᠵᠢᠪᠬᠤᠭᠠᠵᠢᠭᠤᠯᠬᠤ ᠳᠤ | ᠬᠠᠲᠠᠭᠠᠵᠤ ᠨᠤᠨᠳᠠᠭᠯᠠᠭᠰᠠᠨ ᠬᠠᠯᠠᠭᠠᠢ ᠠᠴᠠ 1 ᠊᠊᠊᠊᠊ 2 ᠬᠠᠯᠪᠠᠭ᠎ᠠ ᠶᠢ ᠠᠶᠠᠭᠠᠨ ᠳᠤ ᠬᠢᠵᠦ ᠬᠠᠯᠠᠭᠤᠨ ᠤᠰᠤ ᠪᠠᠷ ᠵᠢᠭᠤᠷᠠᠵᠤ 10 ᠮᠢᠨᠦ᠋ᠲ ᠢᠳᠡᠭᠡᠰᠢᠭᠦᠯᠦᠨ᠎ᠡ᠃ | ᠬᠠᠯᠠᠭᠠᠢ ᠶᠢᠨ ᠪᠦᠯᠢᠶᠡᠨ ᠵᠤᠲᠠᠩ ᠢᠶᠠᠷ ᠨᠢᠭᠤᠷ ᠪᠣᠯᠣᠨ ᠬᠦᠵᠦᠭᠦᠨ ᠳᠡᠭᠡᠨ ᠲᠦᠷᠬᠢᠵᠦ 20 ᠊᠊᠊᠊᠊ 25 ᠮᠢᠨᠦ᠋ᠲ ᠤᠨ ᠳᠠᠷᠠᠭ᠎ᠠ ᠤᠰᠤ ᠪᠠᠷ ᠤᠬᠢᠶᠠᠨ᠎ᠠ᠃ ᠡᠶᠢᠨᠬᠦ | ᠨᠢᠯᠬ᠎ᠠ ᠬᠠᠯᠠᠭᠠᠢ ᠶᠢᠨ ᠮᠠᠰᠺ ᠢ ᠪᠦᠬᠦ ᠲᠥᠷᠤᠯ ᠤᠨ ᠠᠷᠠᠰᠤ ᠠᠷᠠᠴᠢᠯᠠᠭᠠᠨ ᠳᠤ ᠬᠡᠷᠡᠭᠯᠡᠬᠦ ᠳᠤ ᠥᠩᠭᠡᠯᠢᠭ ᠪᠣᠯᠭᠠᠬᠤ ᠠᠴᠠ ᠭᠠᠳᠠᠨ᠎ᠠ ᠲᠡᠵᠢᠭᠡᠯ ᠥᠭᠬᠦ ᠰᠠᠶᠢᠨ | ᠲᠠᠯ᠎ᠠ ᠲᠠᠢ᠃ ᠲᠠᠷᠢᠬᠢᠨ ᠤ ᠰᠤᠳᠠᠰᠤᠨ ᠤ ᠨᠠᠷᠢᠰᠤᠯ᠂ ᠦᠰᠦ ᠤᠨᠠᠯᠲᠠ ᠶᠢ ᠵᠣᠭᠰᠤᠭᠠᠬᠤ ᠵᠣᠷᠢᠯᠭ᠎ᠠ ᠪᠠᠷ ᠬᠠᠯᠠᠭᠠᠢ ᠶᠢᠨ ᠬᠠᠨᠳᠠ ᠪᠠᠷ ᠤᠬᠢᠶᠠᠵᠤ ᠱᠠᠪᠰᠢᠵᠤ | ᠬᠡᠷᠡᠭᠯᠡᠵᠦ ᠪᠣᠯᠣᠨ᠎ᠠ᠃ ᠮᠥᠨ 200 ᠭᠷᠡᠮ ᠬᠠᠲᠠᠭᠠᠭᠰᠠᠨ ᠬᠠᠯᠠᠭᠠᠢ ᠶᠢ 300 ᠮᠢᠯᠢᠯᠢᠲ᠋ᠧᠷ ᠤᠰᠤᠨ ᠳᠤ ᠬᠢᠵᠦ ᠪᠤᠴᠠᠯᠭᠠᠨ 200 ᠮᠢᠯᠢᠯᠢᠲ᠋ᠧᠷ ᠬᠦᠷᠲᠡᠯ᠎ᠡ | ᠢᠳᠡᠭᠡᠰᠢᠭᠦᠯᠦᠭᠡᠳ ᠰᠢᠩᠭᠡᠨ ᠢᠶᠠᠷ ᠨᠢ ᠦᠰᠦ ᠪᠣᠯᠣᠨ ᠬᠤᠶᠢᠬᠠᠨ ᠳᠠᠭᠠᠨ ᠰᠦᠷᠴᠢᠵᠦ ᠱᠠᠪᠰᠢᠵᠤ ᠬᠡᠷᠡᠭᠯᠡᠨ᠎ᠡ᠃ ᠰᠤᠳᠠᠰᠤᠨ ᠤ ᠨᠠᠷᠢᠰᠤᠯ ᠤᠨ ᠦᠶ᠎ᠡ ᠳᠤ | ᠡᠮᠴᠢᠯᠡᠭᠡᠨ ᠤ ᠳ᠋ᠦᠩ ᠨᠢ ᠡᠳᠦᠷ ᠲᠤ 3 ᠴᠠᠭ ᠢᠶᠠᠷ 15 ᠮᠢᠨᠦ᠋ᠲ ᠲᠤᠲᠤᠮ ᠬᠤᠶᠢᠬᠠᠨ ᠳᠤ ᠰᠦᠷᠴᠢᠵᠦ 7 ᠬᠤᠨᠤᠭ ᠬᠡᠷᠡᠭᠯᠡᠭᠡᠳ 14 ᠬᠤᠨᠤᠭ ᠠᠮᠠᠷᠠᠨ᠎ᠠ᠃ | ᠡᠮᠴᠢᠯᠡᠭᠡ ᠶᠢ ᠦᠷ᠎ᠡ ᠳ᠋ᠦᠩ ᠭᠠᠷᠲᠠᠯ᠎ᠠ ᠦᠷᠭᠦᠯᠵᠢᠯᠡᠭᠦᠯᠦᠨ᠎ᠡ᠃ ᠦᠰᠦᠨ ᠤ ᠴᠢᠨᠠᠷ ᠢ ᠳᠡᠭᠡᠭᠰᠢᠯᠡᠭᠦᠯᠬᠦ ᠳᠤ 7 ᠬᠤᠨᠤᠭ ᠲᠤ 2 ᠊᠊᠊᠊᠊ 3 ᠤᠳᠠᠭ᠎ᠠ ᠦᠰᠦᠨ ᠳᠡᠭᠡᠨ | ᠰᠦᠷᠴᠢᠵᠦ ᠬᠡᠷᠡᠭᠯᠡᠨ᠎ᠡ᠃ ᠬᠠᠯᠠᠭᠠᠢ ᠲᠠᠢ ᠴᠠᠢ᠂ ᠬᠠᠯᠠᠭᠠᠢ ᠲᠠᠢ ᠬᠤᠱᠤᠤᠷ ᠬᠠᠪᠤᠷ ᠤᠨ ᠤᠯᠠᠷᠢᠯ ᠳᠤ ᠬᠦᠨᠡᠰᠦ ᠲᠡᠳᠦᠢ ᠦᠭᠡᠢ ᠠᠮᠢᠨ ᠳᠡᠮ ᠪᠣᠯᠣᠨ᠎ᠠ᠃ | ᠬᠠᠳᠠᠭᠠᠯᠠᠭᠰᠠᠨ ᠬᠠᠯᠠᠭᠠᠢ ᠶᠢ ᠬᠠᠯᠠᠭᠠᠢ ᠴᠠᠢ᠂ ᠤᠮᠳᠠᠭᠠᠨ᠂ ᠬᠠᠯᠠᠭᠠᠢ ᠲᠠᠢ ᠬᠤᠱᠤᠤᠷ ᠭᠡᠬᠦ ᠮᠡᠲᠦ ᠪᠠᠷ ᠬᠦᠨᠡᠰᠦᠨ ᠳᠡᠭᠡᠨ ᠬᠡᠷᠡᠭᠯᠡᠵᠦ ᠪᠣᠯᠬᠤ ᠶᠤᠮ᠃ ᠬᠠᠯᠠᠭᠠᠢ ᠨᠢ | ᠸᠢᠲ᠋ᠠᠮᠢᠨ C᠂ ᠤᠭᠤᠷᠠᠭ᠂ ᠲᠡᠮᠦᠷ ᠵᠡᠷᠭᠡ ᠡᠯᠪᠡᠭ ᠠᠭᠤᠯᠳᠠᠭ ᠲᠤᠯᠠ ᠱᠥᠯᠥᠨ ᠳᠤ᠂ ᠮᠥᠨ ᠪᠤᠤᠵᠠ᠂ ᠱᠠᠯᠪᠢᠩ ᠬᠢᠵᠦ ᠢᠳᠡᠬᠦ ᠳᠤ ᠶᠠᠳᠠᠷᠠᠭ᠎ᠠ ᠲᠠᠶᠢᠯᠳᠠᠭ ᠪᠢᠯᠡ᠃ | | | | |