7 ᠰᠠᠷ᠎ᠠ ᠶᠢᠨ ᠳᠡᠯᠭᠡᠷ ᠴᠠᠭ ᠢ ᠤᠭᠲᠤᠵᠤ ᠦᠵᠦᠮᠦᠴᠢᠨ ᠨᠤᠲᠤᠭ ᠤᠨ ᠥᠩᠭᠡ ᠪᠦᠷᠢ ᠶᠢᠨ ᠦᠵᠡᠮᠵᠢ ᠬᠥᠮᠥᠰ ᠤᠨ ᠰᠡᠳᠬᠢᠯ ᠢ ᠲᠠᠲᠠᠵᠤ ᠤᠷᠮ᠎ᠠ ᠶᠢ | ᠰᠡᠷᠭᠦᠭᠡᠨ᠎ᠡ᠃ | ᠦᠵᠦᠮᠦᠴᠢᠨ ᠲᠠᠪᠤᠨ ᠬᠠᠨ ᠤ ᠨᠢᠭᠡ ᠪᠣᠯᠣᠨ ᠰᠦᠨᠳᠡᠷᠯᠡᠬᠦ ᠪᠤᠯᠠᠭ ᠬᠠᠨ ᠠᠭᠤᠯᠠ ᠶᠢᠨ ᠡᠩᠭᠡᠷ ᠬᠤᠷᠮᠣᠢ ᠪᠠᠷ ᠡᠪᠡᠰᠦ ᠪᠡᠯᠴᠢᠭᠡᠷ ᠥᠳᠬᠡᠨ ᠰᠠᠬᠤᠯᠢᠭ | ᠣᠷᠭᠤᠵᠣ᠂ ᠥᠩᠭᠡ ᠶᠢᠨ ᠴᠡᠴᠡᠭᠡᠰ ᠬᠠᠷᠠᠭ᠎ᠠ ᠪᠤᠯᠢᠶᠠᠨ ᠳᠡᠯᠭᠡᠷᠡᠵᠦ᠂ ᠡᠨᠡᠭᠦᠷ ᠥᠩᠭᠡᠷᠡᠬᠦ ᠬᠥᠮᠥᠨ ᠪᠦᠬᠦᠨ ᠤ ᠬᠠᠷᠠᠴᠠ ᠶᠢ ᠪᠤᠯᠢᠶᠠᠵᠤ ᠪᠠᠶᠢᠯ᠎ᠠ᠃ | ᠭᠤᠣᠯ ᠤᠰᠤ ᠪᠠᠨ ᠲᠠᠭᠠᠭᠰᠠᠨ ᠮᠠᠯᠴᠢᠨ ᠠᠶᠢᠯ ᠤᠨ ᠵᠤᠰᠠᠭᠠᠯ᠂ ᠪᠤᠯᠠᠭ ᠬᠠᠨ ᠤ ᠪᠠᠨ ᠡᠩᠭᠡᠷ ᠪᠠᠯ ᠢᠶᠠᠷ ᠨᠠᠯᠠᠶᠢᠨ ᠲᠣᠭᠲᠠᠬᠤ ᠮᠠᠯ ᠰᠦᠷᠦᠭ ᠤᠨ ᠨᠠᠯᠠᠭᠠᠷ | ᠪᠠᠷ᠎ᠠ ᠡᠨᠡ ᠨᠤᠲᠤᠭ ᠤᠨ ᠠᠮᠤᠭᠤᠯᠠᠩ ᠲᠠᠶᠢᠪᠤᠩ ᠵᠣᠨ ᠴᠠᠭ ᠤᠨ ᠰᠣᠳᠣᠨ ᠦᠵᠡᠮᠵᠢ ᠶᠢ ᠪᠢᠴᠢᠭᠯᠡᠨ᠎ᠡ᠃ ᠣᠯᠠᠨ ᠮᠢᠩᠭᠠᠨ ᠴᠡᠴᠡᠭ ᠤᠨ ᠳᠤᠮᠳᠠ᠂ ᠬᠤᠷᠴᠠ | ᠲᠣᠳᠣ ᠥᠩᠭᠡ ᠪᠠᠷ ᠢᠶᠠᠨ ᠢᠯᠭᠠᠷᠠᠵᠤ ᠬᠠᠷᠠᠭᠳᠠᠬᠤ ᠠᠯᠳᠠᠨᠬᠤᠸᠠ ᠴᠡᠴᠡᠭ᠂ ᠡᠨᠡ ᠬᠥᠨᠳᠡᠢ ᠶᠢ ᠰᠢᠷ᠎ᠠ ᠬᠡ ᠲᠠᠢ ᠲᠣᠷᠭ᠎ᠠ ᠪᠠᠷ ᠴᠢᠮᠡᠵᠦ᠂ ᠤᠷᠠᠨ ᠪᠠᠶᠢᠭᠠᠯᠢ ᠶᠢᠨ | ᠡᠲᠡᠭᠡᠳ ᠭᠤᠶᠣᠮᠰᠤᠭ ᠢ ᠮᠡᠳᠡᠷᠡᠭᠦᠯᠦᠨ᠎ᠡ᠃ | | | | |