ᠬᠡᠯᠡ ᠪᠢᠴᠢᠭ ᠤᠨ ᠤᠬᠠᠭᠠᠨ ᠤ ᠡᠷᠳᠡᠮᠲᠡᠨ ᠰᠡᠴᠡᠨᠪᠠᠭᠠᠲᠤᠷ
ᠨᠡᠶᠢᠲᠡᠯᠡᠭᠰᠡᠨ ᠴᠠᠭ᠄
2024/10/25
        ᠰᠡᠴᠡᠨᠪᠠᠭᠠᠲᠤᠷ ᠬᠥᠪᠡᠭᠡᠲᠦ ᠰᠢᠷ᠎ᠠ ᠬᠤᠰᠢᠭᠤᠨ ᠤ ᠤᠤᠯ ᠤᠨ ᠰᠢᠨᠡᠪᠤᠯᠠᠭ ᠰᠤᠮᠤᠨ ᠤ ᠬᠥᠮᠥᠨ᠃ ᠪᠠᠭ᠎ᠠ ᠳᠤ ᠪᠠᠨ ᠭᠡᠷ ᠪᠦᠯᠢ ᠪᠠᠷ ᠢᠶᠠᠨ ᠰᠢᠯᠤᠭᠤᠨ  ᠬᠥᠪᠡᠭᠡᠲᠦ ᠴᠠᠭᠠᠨ ᠬᠤᠰᠢᠭᠤᠨ ᠳᠤ ᠨᠡᠭᠦᠨ ᠰᠠᠭᠤᠷᠢᠰᠢᠪᠠ᠃        1978 ᠣᠨ ᠳᠤ ᠥᠪᠥᠷ ᠮᠣᠩᠭᠤᠯ ᠤ ᠮᠣᠩᠭᠤᠯ ᠭᠡᠯ᠎ᠡ ᠪᠢᠴᠢᠭ ᠤᠨ ᠲᠤᠰᠬᠠᠢ ᠮᠡᠷᠭᠡᠵᠢᠯ ᠤᠨ ᠰᠤᠷᠭᠠᠭᠤᠯᠢ ᠶᠢᠨ ᠣᠷᠴᠢᠭᠤᠯᠭ᠎ᠠ ᠶᠢᠨ ᠠᠩᠭᠢ ᠳᠤ  ᠰᠢᠯᠭᠠᠭᠳᠠᠨ ᠣᠷᠣᠵᠤ ᠰᠤᠷᠤᠯᠴᠠᠭᠰᠠᠨ ᠪᠥᠭᠡᠳ 1980 ᠣᠨ ᠳᠤ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠶᠢᠨ ᠠᠷᠠᠳ ᠤᠨ ᠵᠠᠰᠠᠭ ᠤᠨ  ᠣᠷᠳᠣᠨ ᠤ ᠣᠷᠴᠢᠭᠤᠯᠬᠤ ᠭᠠᠵᠠᠷ ᠲᠤ ᠠᠵᠢᠯ ᠤᠨ ᠬᠤᠪᠢᠶᠠᠷᠢ ᠠᠪᠴᠠᠢ᠃ 1982 ᠣᠨ ᠳᠤ ᠰᠢᠨᠵᠢᠶᠠᠩ ᠤᠨ ᠠᠯᠲᠠᠢ ᠣᠷᠣᠨ ᠳᠤ ᠲᠣᠮᠢᠯᠠᠭᠳᠠᠨ᠂ ᠲᠤᠮᠳᠠᠳᠤ  ᠮᠣᠩᠭᠤᠯ ᠬᠤᠶᠠᠷ ᠤᠯᠤᠰ ᠤᠨ ᠬᠢᠯᠢ ᠶᠢᠨ ᠵᠠᠭᠠᠭ ᠰᠤᠭᠤᠮ ᠢ ᠰᠢᠯᠭᠠᠨ ᠪᠠᠶᠢᠴᠠᠭᠠᠬᠤ ᠠᠩᠭᠢ ᠳᠤ ᠣᠷᠴᠢᠭᠤᠯᠤᠭᠴᠢ ᠪᠠᠷ ᠠᠵᠢᠯᠯᠠᠪᠠ᠃        1991 ᠣᠨ ᠳᠤ ᠥᠪᠥᠷ ᠮᠣᠩᠭᠤᠯ ᠤᠨ ᠶᠡᠭᠡ ᠰᠤᠷᠭᠠᠭᠤᠯᠢ ᠶᠢᠨ ᠮᠣᠩᠭᠤᠯ ᠬᠡᠯᠡ ᠤᠳᠬ᠎ᠠ ᠵᠣᠬᠢᠶᠠᠯ ᠤᠨ ᠮᠠᠰᠲ᠋ᠧᠷ ᠴᠣᠯᠠ ᠬᠠᠮᠠᠭᠠᠯᠠᠵᠤ᠂ 2003  ᠣᠨ ᠳᠤ ᠹᠢᠨᠯᠠᠨᠳ᠋ ᠤᠯᠤᠰ ᠤᠨ ᠬᠡᠸ᠋ᠯᠰᠢᠨᠺᠢ ᠶᠡᠭᠡ ᠰᠤᠷᠭᠠᠭᠤᠯᠢ ᠶᠢᠨ ᠠᠽᠢᠶ᠎ᠠ ᠠᠹᠷᠢᠺᠠ ᠶᠢᠨ ᠰᠤᠳᠤᠯᠭᠠᠨ ᠤ ᠬᠦᠷᠢᠶᠡᠯᠡᠩ ᠳᠤ ᠰᠤᠷᠪᠤᠯᠵᠢᠯᠠᠭᠴᠢ ᠡᠷᠳᠡᠮᠲᠡᠨ ᠤ  ᠠᠵᠢᠯᠯᠠᠭᠰᠠᠨ ᠢᠶᠠᠷ ᠪᠠᠷᠠᠬᠤ ᠦᠭᠡᠢ ᠲᠤᠰ ᠰᠤᠷᠭᠠᠭᠤᠯᠢ ᠶᠢᠨ ᠬᠥᠮᠥᠡᠯᠢᠭ ᠤᠨ ᠤᠬᠠᠭᠠᠨ ᠤ ᠳᠡᠭᠡᠳᠦ ᠰᠤᠷᠭᠠᠭᠤᠯᠢ ᠳᠤ ᠬᠡᠯᠡ ᠰᠢᠨᠵᠢᠯᠡᠯ ᠤᠨ ᠳ᠋ᠣᠺᠲ᠋ᠣᠷ ᠴᠣᠯᠠ  ᠬᠠᠮᠠᠭᠠᠯᠠᠪᠠ᠃        ᠤᠳᠤ ᠥᠪᠥᠷ ᠮᠣᠩᠭᠤᠯ ᠤᠨ ᠶᠡᠭᠡ ᠰᠤᠷᠭᠠᠭᠤᠯᠢ ᠶᠢᠨ ᠮᠣᠩᠭᠤᠯ ᠰᠤᠳᠤᠯᠤᠯ ᠤᠨ ᠳᠡᠭᠡᠳᠦ ᠰᠤᠷᠭᠠᠭᠤᠯᠢ ᠳᠤ ᠳ᠋ᠣᠺᠲ᠋ᠣᠷ᠂ ᠫᠷᠤᠹᠧᠰᠰᠤᠷ᠂  ᠳ᠋ᠣᠺᠲ᠋ᠣᠷᠠᠨᠲ ᠤᠨ ᠵᠢᠯᠣᠭᠤᠳᠤᠭᠴᠢ ᠪᠥᠭᠡᠳ ᠣᠷᠴᠢᠨ ᠴᠠᠭ ᠤᠨ ᠮᠣᠩᠭᠤᠯ ᠬᠡᠯᠡ ᠬᠢᠭᠡᠳ ᠨᠤᠲᠤᠭ ᠤᠨ ᠠᠶᠠᠯᠭᠤᠨ ᠤ ᠰᠤᠳᠤᠯᠤᠯ ᠬᠡᠮᠡᠬᠦ ᠰᠤᠳᠤᠯᠭᠠᠨ ᠤ  ᠴᠢᠭᠯᠡᠯ ᠤᠨ ᠬᠠᠷᠢᠭᠤᠴᠠᠯᠭᠠᠲᠠᠨ ᠪᠠ ᠡᠷᠳᠡᠮ ᠰᠢᠨᠵᠢᠯᠡᠭᠡᠨ ᠤ ᠳᠠᠭᠠᠭᠤᠯᠤᠭᠴᠢ ᠪᠠᠷ ᠠᠵᠢᠯᠯᠠᠵᠤ᠃ ᠲᠡᠷᠡ ᠪᠠᠷ ᠤᠯᠠᠨ ᠤᠯᠤᠰ ᠤᠨ ᠮᠣᠩᠭᠤᠯ ᠰᠤᠳᠤᠯᠤᠯ ᠤᠨ  ᠬᠤᠯᠪᠣᠭᠠᠨ ᠤ ᠭᠡᠰᠢᠭᠦᠨ᠂ ᠶᠠᠫᠤᠨ ᠤ ᠵᠡᠭᠦᠨ ᠬᠤᠶᠢᠲᠤ ᠶᠢᠨ ᠶᠡᠭᠡ ᠰᠤᠷᠭᠠᠭᠤᠯᠢ ᠶᠢᠨ ᠵᠣᠴᠢᠮᠠᠳ ᠫᠷᠤᠹᠰᠰᠤᠷ᠂ ᠲᠤᠮᠳᠠᠳᠤ ᠤᠯᠤᠰ ᠤᠨ ᠬᠡᠯᠡ ᠰᠢᠨᠵᠢᠯᠡᠯ ᠤᠨ  ᠨᠡᠶᠢᠭᠡᠮᠯᠢᠭ ᠤᠨ ᠭᠡᠰᠢᠭᠦᠨ᠂ ᠲᠤᠮᠳᠠᠳᠤ ᠤᠯᠤᠰ ᠤᠨ ᠮᠣᠩᠭᠤᠯ ᠬᠡᠯᠡ ᠪᠢᠴᠢᠭ ᠤᠨ ᠰᠢᠨᠵᠢᠯᠡᠭᠡᠨ ᠤ ᠨᠡᠶᠢᠭᠡᠮᠯᠢᠭ ᠤᠨ ᠬᠡᠷᠡᠭ ᠡᠷᠬᠢᠯᠡᠭᠴᠢ᠂ ᠥᠪᠥᠷ ᠮᠣᠩᠭᠤᠯ ᠤᠨ  ᠥᠪᠡᠷᠲᠡᠭᠡᠨ ᠵᠠᠰᠠᠬᠤ ᠣᠷᠣᠨ ᠤ ᠮᠣᠩᠭᠤᠯ ᠬᠡᠯᠡᠨ ᠤ ᠪᠠᠷᠢᠮᠵᠢᠶ᠎ᠠ ᠠᠪᠢᠶᠠᠨ ᠤ ᠺᠣᠮᠢᠰ ᠤᠨ ᠪᠠᠶᠢᠩᠭᠤ ᠶᠢᠨ ᠭᠡᠰᠢᠭᠦᠨ ᠵᠡᠷᠭᠡ ᠤᠯᠠᠨ ᠡᠭᠦᠷᠭᠡ ᠲᠤᠰᠢᠶᠠᠯ ᠢ  ᠬᠠᠷᠢᠭᠤᠴᠠᠵᠤ ᠪᠤᠢ᠃        ᠣᠷᠴᠢᠨ ᠴᠠᠭ ᠤᠨ ᠮᠣᠩᠭᠤᠯ ᠬᠡᠯᠡ ᠬᠢᠭᠡᠳ ᠨᠤᠲᠤᠭ ᠤᠨ ᠠᠶᠠᠯᠭᠤᠨ ᠤ ᠰᠤᠳᠤᠯᠤᠯ ᠤᠨ ᠲᠠᠯ᠎ᠠ ᠪᠠᠷ ︽ᠪᠣᠷᠤᠲᠠᠯ᠎ᠠ ᠶᠢᠨ ᠴᠠᠬᠠᠷ ᠠᠮᠠᠨ ᠠᠶᠠᠯᠭᠤᠨ ᠤ  ᠪᠠᠶᠢᠴᠠᠭᠠᠨ ᠰᠤᠳᠤᠯᠤᠯᠲᠠ︾᠂ ᠤᠯᠤᠰ ᠤᠨ ᠨᠡᠶᠢᠭᠡᠮ ᠤᠨ ᠰᠢᠨᠵᠢᠯᠡᠬᠦ ᠤᠬᠠᠭᠠᠨ ᠤ ᠰᠠᠭᠤᠷᠢ ᠮᠥᠩᠭᠦᠨ ᠤ ᠲᠥᠰᠥᠯ ︽ᠪᠠᠷᠠᠭᠤᠨ ᠣᠷᠣᠨ ᠤ ᠮᠣᠩᠭᠤᠯ ᠬᠡᠯᠡᠨ ᠤ  ᠨᠤᠲᠤᠭ ᠤᠨ ᠠᠶᠠᠯᠭᠤᠨ ᠤ ᠭᠠᠵᠠᠷ ᠤᠨ ᠵᠢᠷᠤᠭ ᠤᠨ ᠰᠤᠳᠤᠯᠭ᠎ᠠ︾ ᠵᠡᠷᠭᠡ ᠰᠢᠨᠵᠢᠯᠡᠭᠡᠨ ᠤ ᠰᠡᠳᠦᠪ ᠤᠳ ᠢ ᠡᠷᠬᠢᠯᠡᠨ ᠭᠦᠢᠴᠡᠳᠬᠡᠭᠰᠡᠨ ᠪᠥᠭᠡᠳ ︽ᠮᠣᠩᠭᠤᠯ  ᠬᠡᠯᠡᠨ ᠤ ᠴᠠᠬᠠᠷ ᠠᠮᠠᠨ ᠠᠶᠠᠯᠭᠤ᠄ ᠦᠭᠡ ᠵᠦᠢ ᠶᠢᠨ ᠲᠣᠳᠣᠷᠬᠠᠶᠢᠯᠠᠯᠲᠠ︾ ︵ᠠᠩᠭ᠍ᠯᠢ ᠬᠡᠯᠡ ᠪᠠᠷ︶᠂ ︽ᠮᠣᠩᠭᠤᠯ ᠬᠡᠯᠡᠨ ᠤ ᠨᠤᠲᠤᠭ ᠤᠨ ᠠᠶᠠᠯᠭᠤᠨ ᠤ  ᠰᠢᠨᠵᠢᠯᠡᠯ ᠤᠨ ᠤᠳᠤᠷᠢᠳᠬᠠᠯ︾᠂ ︽ᠮᠣᠩᠭᠤᠯ ᠬᠡᠯᠨ ᠤ ᠨᠤᠲᠤᠭ ᠤᠨ ᠠᠶᠠᠯᠭᠤᠨ ᠤ ᠳᠥᠯᠥᠭᠡᠨ ᠤ ᠨᠡᠷ᠎ᠡ ᠶᠢᠨ ᠬᠠᠷᠢᠴᠠᠭᠤᠯᠤᠭᠰᠠᠨ ᠰᠤᠳᠤᠯᠤᠯ︾᠂ ︽ᠰᠢᠨᠵᠢᠶᠠᠩ ᠤᠨ ᠴᠠᠬᠠᠷ ᠠᠮᠠᠨ ᠠᠶᠠᠯᠭᠤᠨ ᠤ ᠰᠤᠳᠤᠯᠤᠯ︾ ᠵᠡᠷᠭᠡ ᠡᠷᠳᠡᠮ ᠰᠢᠨᠵᠢᠯᠡᠭᠡᠨ ᠤ ᠨᠣᠮ ᠪᠣᠯᠣᠨ ᠵᠢᠭᠠᠬᠤ ᠮᠠᠲ᠋ᠧᠷᠢᠶᠠᠯ ᠢ ᠬᠡᠪᠯᠡᠭᠦᠯᠵᠡᠢ᠃ ᠲᠣᠯᠢ ᠪᠢᠴᠢᠭ  ᠨᠠᠶᠢᠷᠠᠭᠤᠯᠬᠤ ᠪᠠ ᠰᠤᠳᠤᠯᠬᠤ ᠲᠠᠯ᠎ᠠ ᠪᠠᠷ᠂ ︽ᠮᠣᠩᠭᠤᠯ ᠬᠢᠲᠠᠳ ᠲᠣᠯᠢ︾᠂ ︽ᠮᠣᠩᠭᠤᠯ ᠰᠤᠳᠤᠯᠤᠯ ᠤᠨ ᠨᠡᠪᠲᠡᠷᠬᠡᠢ ᠲᠣᠯᠢ᠂ ᠦᠭᠡ ᠬᠡᠯᠡ ᠦᠰᠦᠭ ᠪᠢᠴᠢᠭ︾᠂ ︽ᠰᠤᠷᠤᠭᠴᠢ ᠶᠢᠨ ᠮᠣᠩᠭᠤᠯ ᠬᠡᠯᠡᠨ ᠤ ᠤᠯᠠᠨ ᠬᠡᠷᠡᠭᠴᠡᠭᠡᠲᠦ ᠲᠣᠯᠢ︾ ᠵᠡᠷᠭᠡ ᠲᠣᠯᠢ ᠪᠢᠴᠢᠭ ᠨᠠᠶᠢᠷᠠᠭᠤᠯᠬᠤ ᠠᠵᠢᠯ ᠳᠤ ᠪᠡᠶᠡᠴᠢᠯᠡᠨ ᠣᠷᠣᠯᠴᠠᠪᠠ᠃        ᠮᠣᠩᠭᠤᠯ ᠬᠡᠯᠡᠨ ᠤ ᠳᠦᠷᠢᠮᠵᠢᠯ ᠪᠠᠷᠢᠮᠵᠢᠶᠠᠯᠠᠯ ᠤᠨ ᠲᠠᠯ᠎ᠠ ᠪᠠᠷ ᠶᠡᠬᠡᠬᠡᠨ ᠬᠤᠪᠢ ᠨᠡᠮᠡᠷᠢ ᠦᠵᠡᠭᠦᠯᠵᠦ᠂ ︽ᠮᠣᠩᠭᠤᠯ ᠬᠡᠯᠡᠨ ᠤ ᠪᠠᠷᠢᠮᠵᠢᠶ᠎ᠠ ᠠᠪᠢᠶᠠᠨ ᠤ  ᠠᠵᠢᠯ ᠤᠨ ᠲᠡᠷᠢᠭᠦᠨ ᠤ ᠬᠤᠪᠢ ᠬᠥᠮᠥᠨ︾᠎ ᠢᠶᠠᠷ ᠴᠣᠯᠠᠯᠠᠭᠳᠠᠨ ᠰᠠᠶᠢᠰᠢᠶᠠᠭᠳᠠᠵᠠᠢ᠃ ᠣᠷᠴᠢᠮ ᠤᠨ ᠵᠢᠯ ᠤᠳ ᠲᠤ ᠰᠡᠴᠡᠨᠪᠠᠭᠠᠲᠤᠷ ᠴᠠᠬᠠᠷ ᠤ ᠲᠡᠦᠬᠡ ᠰᠣᠶᠣᠯ ᠤᠨ  ᠰᠤᠳᠤᠯᠭᠠᠨ ᠤ ᠠᠵᠢᠯ ᠳᠤ ᠢᠳᠡᠪᠬᠢᠯᠡᠨ ᠣᠷᠣᠯᠴᠠᠨ᠂ ︽ᠲᠣᠷᠭᠠᠨ ᠴᠠᠬᠠᠷ ᠰᠣᠶᠣᠯ ᠤᠨ ᠥᠯᠥᠭᠡᠢ︾᠂ ︽ᠴᠠᠬᠠᠷ ᠤᠨ ᠲᠡᠦᠬᠡ︾ ᠵᠡᠷᠭᠡ ᠲᠣᠮᠣᠬᠠᠨ ᠪᠦᠲᠦᠭᠡᠯ ᠳᠤ  ᠣᠷᠣᠯᠴᠠᠨ ᠠᠵᠢᠯᠠᠯᠵᠤ᠂ ︽ᠬᠥᠭᠵᠢᠮ ᠤᠨ ᠮᠡᠯᠮᠡᠢ ᠭᠡᠶᠢᠭᠰᠡᠨ ᠬᠥᠮᠥᠨ - ᠭᠤ᠂ ᠴᠡᠩᠭᠡᠯᠲᠦ︾ ᠭᠡᠳᠡᠭ ᠨᠣᠮ ᠢ ᠡᠮᠬᠢᠳᠬᠡᠨ ᠨᠠᠶᠢᠷᠠᠭᠤᠯᠪᠠ᠃ ᠮᠣᠩᠭᠤᠯ  ᠰᠤᠳᠤᠯᠤᠯ ᠳᠤ ᠮᠠᠬᠠᠷᠠᠨ ᠵᠢᠳᠬᠦᠭᠰᠡᠨ ᠭᠤᠴᠢᠭᠠᠳ ᠵᠢᠯ ᠤᠨ ᠲᠤᠷᠰᠢ ᠡᠷᠳᠡᠮ ᠰᠢᠨᠵᠢᠯᠡᠭᠡᠨ ᠤ ᠨᠣᠮ ᠨᠤᠯᠤᠨ ᠵᠢᠭᠠᠬᠤ ᠮᠠᠲ᠋ᠧᠷᠢᠶᠠᠯ ᠨᠡᠶᠢᠳᠡ 6 ᠪᠣᠳᠢ᠂ 50 ᠭᠠᠷᠤᠢ  ᠥᠭᠦᠯᠡᠯ ᠨᠡᠶᠢᠲᠡᠯᠡᠭᠦᠯᠦᠭᠰᠡᠨ ᠪᠠᠶᠢᠨ᠎ᠠ᠃ 20 ᠰᠢᠬᠠᠮ ᠳ᠋ᠣᠺᠲ᠋ᠣᠷᠠᠨᠲ᠂ 30 ᠭᠠᠷᠤᠢ ᠠᠰᠫᠢᠷᠠᠨᠲ ᠬᠥᠮᠥᠵᠢᠭᠦᠯᠦᠨ᠂ ᠰᠤᠷᠭᠠᠨ ᠬᠥᠮᠦᠵᠢᠯ ᠤᠨ ᠦᠢᠯᠡᠰ ᠲᠤ ᠮᠠᠰᠢ  ᠴᠢᠬᠤᠯᠠ ᠬᠤᠪᠢ ᠨᠡᠮᠡᠷᠢ ᠦᠵᠡᠭᠦᠯᠪᠡ᠃        
ᠢᠷᠡᠯᠲᠡ᠄ ᠬᠥᠪᠡᠭᠡᠲᠦ ᠰᠢᠷ᠎ᠠ ᠬᠤᠰᠢᠭᠤᠨ ᠤ ᠠᠷᠠᠳ ᠤᠨ ᠵᠠᠰᠠᠭ ᠤᠨ ᠣᠷᠳᠣᠨ