ᠬᠥᠳᠡᠭᠡ ᠠᠵᠤ ᠠᠬᠤᠢ ᠶᠢᠨ ᠤᠬᠠᠭᠠᠨ ᠤ ᠳ᠋ᠣᠺᠲ᠋ᠣᠷ ᠨᠨ᠊·ᠰᠣᠳᠣᠪᠢᠯᠢᠭ᠌
ᠨᠡᠶᠢᠲᠡᠯᠡᠭᠰᠡᠨ ᠴᠠᠭ᠄
2024/10/25
         ᠬᠥᠳᠡᠭᠡ ᠠᠵᠤ ᠠᠬᠤᠢ ᠶᠢᠨ ᠤᠬᠠᠭᠠᠨ ᠤ ᠳ᠋ᠣᠺᠲ᠋ᠣᠷ ᠨ᠊᠂ ᠰᠣᠳᠣᠪᠢᠯᠢᠭ᠌ ︵1963.04 -︶ ᠥᠪᠥᠷ  ᠮᠣᠩᠭᠤᠯ ᠤᠨ ᠬᠥᠪᠡᠭᠡᠲᠦ ᠰᠢᠷ᠎ᠠ ᠬᠤᠰᠢᠭᠤ ᠪᠠᠷ  ᠨᠤᠲᠤᠭᠲᠠᠢ᠂ ᠬᠥᠳᠡᠭᠡ ᠠᠵᠤ ᠠᠬᠤᠢ ᠶᠢᠨ ᠤᠬᠠᠭᠠᠨ ᠤ ᠳ᠋ᠣᠺᠲ᠋ᠣᠷ᠂  ᠰᠤᠷᠭᠠᠨ ᠬᠥᠮᠦᠵᠢᠯ ᠤᠨ ᠤᠬᠠᠭᠠᠨ ᠤ ᠮᠠᠰᠲ᠋ᠧᠷ᠂ ᠬᠢᠨᠠᠨ ᠨᠠᠶᠢᠷᠠᠭᠤᠯᠤᠭᠴᠢ᠂ ᠫᠷᠤᠹᠧᠰᠰᠤᠷ᠂  ᠰᠤᠳᠤᠯᠤᠭᠴᠢ᠃         1981 ᠣᠨ ᠳᠤ ᠤᠤᠯ ᠤᠨ ᠥᠪᠥᠷ ᠮᠣᠩᠭᠤᠯ ᠤᠨ ᠲᠠᠷᠢᠶᠠᠯᠠᠩ ᠮᠠᠯ ᠠᠵᠤ ᠠᠬᠤᠢ ᠶᠢᠨ ᠳᠡᠭᠡᠳᠦ ᠰᠤᠷᠭᠠᠭᠤᠯᠢ ᠶᠢᠨ ᠮᠠᠯ ᠠᠵᠤ ᠠᠬᠤᠢ ᠶᠢᠨ  ᠰᠠᠯᠪᠤᠷᠢ ᠳᠤ ᠰᠢᠯᠭᠠᠭᠳᠠᠨ ᠣᠷᠣᠵᠤ᠂ 1986 ᠣᠨ ᠳᠤ ᠰᠤᠷᠭᠠᠭᠤᠯᠢ ᠳᠠᠭᠠᠨ  ᠦᠯᠡᠳᠡᠨ ᠠᠵᠢᠯᠯᠠᠪᠠ᠃ ᠣᠳᠤ ᠥᠪᠥᠷ ᠮᠣᠩᠭᠤᠯ ᠤᠨ ᠲᠠᠷᠢᠶᠠᠯᠠᠩ ᠤᠨ ᠶᠡᠭᠡ  ᠰᠤᠷᠭᠠᠭᠤᠯᠢ ᠶᠢᠨ ᠡᠷᠳᠡᠮ  ᠰᠢᠨᠵᠢᠯᠡᠭᠡᠨ ᠤ ᠰᠡᠳᠬᠦᠯ ᠨᠠᠶᠢᠷᠠᠭᠤᠯᠬᠤ ᠬᠡᠯᠲᠡᠰ ᠤᠨ ᠡᠷᠬᠢᠯᠡᠭᠴᠢ ᠪᠥᠭᠡᠳ ᠶᠡᠷᠦᠩᠬᠡᠢ ᠨᠠᠶᠢᠷᠠᠭᠤᠯᠤᠭᠴᠢ ᠶᠢᠨ  ᠲᠤᠰᠢᠶᠠᠯ ᠢ  ᠬᠠᠷᠢᠭᠤᠴᠠᠵᠤ ᠪᠤᠢ᠃         ᠨᠠᠶᠢᠷᠠᠭᠤᠯᠤᠭᠴᠢ ᠶᠢᠨ ᠠᠵᠢᠯ ᠤᠨ ᠲᠠᠯ᠎ᠠ ᠪᠠᠷ᠂ 1986 ᠣᠨ ᠳᠤ ᠥᠪᠥᠷ ᠮᠣᠩᠭᠤᠯ ᠤᠨ ᠲᠠᠷᠢᠶᠠᠯᠠᠩ ᠮᠠᠯ  ᠠᠵᠤ ᠠᠬᠤᠢ ᠶᠢᠨ ᠳᠡᠭᠡᠳᠦ ᠰᠤᠷᠭᠠᠭᠤᠯᠢ ᠶᠢᠨ  ᠮᠣᠩᠭᠤᠯ ᠰᠣᠨᠢᠨ ᠢ ᠡᠭᠦᠳᠦᠨ ᠬᠡᠪᠯᠡᠭᠦᠯᠵᠦ᠂ ᠡᠷᠳᠡᠮ ᠰᠢᠨᠵᠢᠯᠡᠭᠡᠨ ᠤ  ᠮᠣᠩᠭᠤᠯ ᠰᠡᠳᠬᠦᠯ ᠡᠭᠦᠳᠦᠨ ᠨᠠᠶᠢᠷᠠᠭᠤᠯᠬᠤ ᠰᠠᠨᠠᠭᠤᠯᠭ᠎ᠠ ᠭᠠᠷᠭᠠᠵᠤ᠂ ᠥᠪᠥᠷ ᠮᠣᠩᠭᠤᠯ ᠤᠨ  ᠲᠠᠷᠢᠶᠠᠯᠠᠩ ᠤᠨ ᠶᠡᠭᠡ  ᠰᠤᠷᠭᠠᠭᠤᠯᠢ ᠶᠢᠨ ᠡᠷᠳᠡᠮ ᠰᠢᠨᠵᠢᠯᠡᠭᠡᠨ ᠤ ᠮᠣᠩᠭᠤᠯ ᠰᠡᠳᠬᠦᠯ ᠬᠡᠪᠯᠡᠭᠳᠡᠬᠦ ᠳᠤ ᠰᠠᠭᠤᠷᠢ ᠲᠠᠯᠪᠢᠵᠤ᠂ ︽ᠭᠠᠪᠢᠶᠠᠲᠤ  ᠨᠠᠶᠢᠷᠠᠭᠤᠯᠤᠭᠴᠢ︾  ᠬᠡᠮᠡᠬᠦ ᠢᠷᠠᠭᠤ ᠠᠯᠳᠠᠷ ᠢ ᠬᠦᠷᠳᠡᠪᠡ᠃         ᠵᠢᠭᠠᠨ ᠰᠤᠷᠭᠠᠯᠲᠠ ᠶᠢᠨ ᠲᠠᠯ᠎ᠠ ᠪᠠᠷ᠂ 1994 ᠣᠨ ᠠᠴᠠ ᠡᠬᠢᠯᠡᠨ ᠤᠷᠢᠳ ᠬᠤᠵᠢᠳ ︽ᠣᠶᠤᠲᠠᠳ ᠤᠨ  ᠦᠵᠡᠯ ᠰᠠᠨᠠᠭ᠎ᠠ ᠶᠣᠰᠣ ᠰᠤᠷᠲᠠᠬᠤᠨ ᠤ  ᠪᠣᠯᠪᠠᠰᠤᠷᠠᠯ︾᠂ ︽ᠬᠠᠤᠯᠢ ᠴᠠᠭᠠᠵᠠ ᠶᠢᠨ ᠰᠠᠭᠤᠷᠢ︾ ᠵᠡᠷᠭᠡ ᠬᠢᠴᠢᠶᠡᠯ ᠤᠨ ᠵᠢᠭᠠᠨ ᠰᠤᠷᠭᠠᠯᠲᠠ ᠶᠢᠨ ᠠᠵᠢᠯ ᠢ ᠡᠭᠦᠷᠭᠡᠯᠡᠵᠦ᠂ ᠡᠭᠦᠨ ᠤ ᠳᠣᠲᠣᠷᠠᠬᠢ ︽ᠪᠡᠯᠴᠢᠭᠡᠷ ᠤᠨ  ᠮᠠᠯ ᠠᠵᠤ ᠠᠬᠤᠢ ᠶᠢᠨ ᠤᠬᠠᠭᠠᠨ ᠤ ᠲᠣᠶᠢᠮᠣᠯᠠᠯ︾ ᠬᠡᠮᠡᠬᠦ ᠬᠢᠴᠢᠶᠡᠯ ᠪᠣᠯ ᠲᠡᠭᠦᠨ ᠤ ᠰᠤᠷᠭᠠᠯᠲᠠ ᠶᠢᠨ ᠪᠦᠲᠦᠭᠡᠯ ᠳᠡᠭᠡᠨ  ᠲᠤᠯᠭᠠᠭᠤᠷᠢᠯᠠᠨ ᠵᠢᠭᠠᠬᠤ ᠮᠠᠲ᠋ᠧᠷᠢᠶᠠᠯ ᠢ  ᠨᠢ ᠥᠪᠡᠷᠲᠡᠭᠡᠨ ᠡᠷᠬᠢᠯᠡᠨ ᠨᠠᠶᠢᠷᠠᠭᠤᠯᠤᠭᠰᠠᠨ ᠲᠤᠰ ᠰᠤᠳᠤᠯᠭ᠎ᠠ  ᠰᠢᠨᠵᠢᠯᠡᠭᠡᠨ ᠤ ᠬᠦᠷᠢᠶᠡᠨ ᠳᠤ ᠮᠠᠨ ᠤ ᠤᠯᠤᠰ ᠣᠷᠣᠨ ᠤ ᠬᠤᠭᠤᠰᠤᠨ ᠢ ᠨᠥᠬᠦᠪᠦᠷᠢᠯᠡᠭᠰᠡᠨ  ᠮᠥᠷᠲᠡᠭᠡᠨ ᠭᠠᠵᠠᠷ  ᠣᠷᠣᠨ ᠤ ᠤᠨᠴᠴᠠᠯᠢᠭ ᠪᠠ ᠦᠨᠳᠦᠰᠦᠲᠡᠨ ᠤ ᠣᠨᠴᠠᠯᠢᠭ ᠢ ᠲᠤᠪᠤᠶᠢᠯᠭᠠᠭᠰᠠᠨ ᠰᠢᠨ᠎ᠡ ᠬᠢᠴᠢᠶᠡᠯ ᠪᠠᠶᠢᠵᠤ᠂ 2013  ᠣᠨ ᠳᠤ ᠥᠪᠥᠷ  ᠮᠣᠩᠭᠤᠯ ᠤᠨ ᠲᠠᠷᠢᠶᠠᠯᠠᠩ ᠤᠨ ᠶᠡᠭᠡ ᠰᠤᠷᠭᠠᠭᠤᠯᠢ ᠶᠢᠨ ᠵᠢᠭᠠᠨ ᠰᠤᠷᠭᠠᠯᠲᠠ ᠶᠢᠨ ᠦᠷ᠎ᠡ  ᠪᠦᠲᠦᠭᠡᠯ ᠤᠨ ᠬᠤᠶᠠᠳᠤᠭᠠᠷ ᠲᠡᠰ ᠤᠨ ᠱᠠᠩᠨᠠᠯ ᠢ ᠬᠦᠷᠲᠡᠵᠡᠢ᠃         ᠰᠤᠳᠤᠯᠭᠠᠨ ᠤ ᠠᠵᠢᠯ ᠤᠨ ᠲᠠᠯ᠎ᠠ ᠪᠠᠷ᠂ 1998 ᠣᠨ ᠠᠴᠠ 1999 ᠣᠨ ᠪᠤᠯᠲᠠᠯ᠎ᠠ ᠶᠠᠫᠤᠨ ᠤ ᠲᠣᠣᠺᠢᠤ᠋ ᠶᠢᠨ ᠭᠠᠳᠠᠭᠠᠳᠤ ᠬᠡᠯᠡᠨ ᠤ ᠶᠡᠭᠡ  ᠰᠤᠷᠭᠠᠭᠤᠯᠢ ᠶᠢᠨ ᠭᠠᠵᠠᠷ ᠣᠷᠣᠨ ᠤ ᠰᠣᠶᠣᠯ ᠤᠨ ᠰᠠᠯᠪᠤᠷᠢ ᠳᠤ ︽ᠮᠣᠩᠭᠤᠯᠴᠤᠳ ᠤᠨ ᠪᠡᠯᠴᠢᠭᠡᠷ ᠤᠨ ᠮᠠᠯ ᠠᠵᠤ ᠠᠬᠤᠢ ᠶᠢᠨ ᠤᠬᠠᠭᠠᠨ︾᠎ ᠤ ᠲᠠᠯ᠎ᠠ ᠪᠠᠷ  ᠶᠡᠷᠦᠩᠬᠡᠶᠢᠯᠡᠭᠰᠡᠨ  ᠰᠤᠳᠤᠯᠭᠠᠨ ᠬᠢᠵᠦ᠂ ᠲᠠᠷᠠᠭ᠎ᠠ ᠨᠢ ᠶᠠᠫᠤᠨ ᠤ ᠲᠣᠣᠺᠢᠤ᠋ ᠤᠨ ᠠᠷᠢᠶᠠᠯᠠᠩ ᠮᠠᠯ ᠠᠵᠤ ᠦᠢᠯᠡᠳᠪᠦᠷᠢ ᠶᠢᠨ ᠶᠡᠭᠡ  ᠰᠤᠷᠭᠠᠭᠤᠯᠢ ᠳᠤ ︽ᠫᠧᠫᠲ᠋ᠢᠳ᠋ ᠤᠨ  ᠬᠤᠨᠢᠨ ᠤ ᠭᠦᠵᠡᠭᠡᠨ ᠳᠠᠬᠢ ᠰᠢᠷᠬᠢᠭᠯᠢᠭ ᠢ ᠵᠠᠳᠠᠷᠠᠭᠤᠯᠬᠤ ᠪᠠᠺᠲ᠋ᠧᠷᠢ ᠳᠤ  ᠦᠵᠡᠬᠦᠯᠬᠦ ᠨᠥᠯᠥᠭᠡᠯᠡᠯ︾ ᠬᠡᠮᠡᠬᠦ ᠲᠤᠰᠬᠠᠢ ᠰᠡᠳᠦᠪᠲᠦ ᠰᠤᠳᠤᠯᠭᠠᠨ ᠬᠢᠵᠡᠢ᠃ 2004  ᠣᠨ ᠳᠤ ᠥᠪᠥᠷ  ᠮᠣᠩᠭᠤᠯ ᠤᠨ ᠪᠠᠭᠰᠢ ᠶᠢᠨ ᠶᠡᠭᠡ ᠰᠤᠷᠭᠠᠭᠤᠯᠢ ᠶᠢᠨ ᠰᠤᠷᠭᠠᠨ ᠬᠥᠮᠦᠵᠢᠯ ᠤᠨ ᠰᠢᠨᠵᠢᠯᠡᠬᠦ ᠤᠬᠠᠭᠠᠨ ᠤ ᠳᠡᠭᠡᠳᠦ  ᠰᠤᠷᠭᠠᠭᠤᠯᠢ ᠳᠤ ᠰᠤᠷᠭᠠᠨ  ᠬᠥᠮᠦᠵᠢᠯ ᠤᠨ ᠮᠠᠰᠲ᠋ᠧᠷ ᠴᠣᠯᠠ ᠬᠠᠮᠠᠭᠠᠯᠠᠵᠤ᠂ 2005 ᠣᠨ ᠳᠤ ᠬᠥᠳᠡᠭᠡ ᠠᠵᠤ  ᠠᠬᠤᠢ ᠶᠢᠨ ᠤᠬᠠᠭᠠᠨ ᠤ ᠳ᠋ᠣᠺᠲ᠋ᠣᠷ ᠴᠣᠯᠠ ᠬᠠᠮᠠᠭᠠᠯᠠᠪᠠ᠃           ᠨ᠊᠂ ᠰᠣᠳᠣᠪᠢᠯᠢᠭ᠌ ᠭᠤᠸᠠᠢ ᠤᠳᠤ ᠲᠤᠮᠳᠠᠳᠤ ᠤᠯᠤᠰ ᠤᠨ ᠮᠣᠩᠭᠤᠯ ᠰᠡᠳᠬᠦᠯ ᠰᠤᠳᠤᠯᠬᠤ ᠬᠤᠷᠠᠯ ᠤᠨ  ᠳᠡᠳ᠋ ᠳᠠᠷᠤᠭ᠎ᠠ᠂ ᠪᠦᠬᠦ ᠤᠯᠤᠰ ᠤᠨ  ᠲᠠᠷᠢᠶᠠᠯᠠᠩ ᠤᠨ ᠶᠡᠭᠡ ᠳᠡᠭᠡᠳᠦ ᠰᠤᠷᠭᠠᠭᠤᠯᠢ ᠶᠢᠨ ᠡᠷᠳᠡᠮ ᠰᠢᠨᠵᠢᠯᠡᠭᠡᠨ ᠤ  ᠰᠡᠳᠬᠦᠯ ᠰᠤᠳᠤᠯᠬᠤ ᠬᠤᠷᠠᠯ ᠤᠨ ᠪᠠᠶᠢᠩᠭᠤ ᠶᠢᠨ ᠬᠡᠷᠡᠭ ᠡᠷᠬᠢᠯᠡᠭᠴᠢ ᠪᠥᠭᠡᠳ  ᠦᠨᠳᠦᠰᠦᠲᠡᠨ ᠤ ᠲᠥᠷᠦᠯ ᠤᠨ  ᠡᠷᠳᠡᠮ ᠰᠢᠨᠵᠢᠯᠡᠭᠡᠨ ᠤ ᠰᠡᠳᠬᠦᠯ ᠤᠨ ᠲᠤᠰᠬᠠᠢ ᠮᠡᠷᠭᠡᠵᠢᠯ ᠤᠨ ᠵᠥᠪᠯᠡᠭᠴᠢ᠂ ᠪᠦᠬᠦ ᠤᠯᠤᠰ ᠤᠨ ᠪᠠᠶᠢᠭᠠᠯᠢ᠂ ᠠᠵᠤ  ᠦᠢᠯᠡᠳᠪᠦᠷᠢ᠂  ᠲᠠᠷᠢᠶᠠᠯᠠᠩ᠂ ᠡᠮ ᠶᠢᠨ ᠳᠡᠭᠡᠳᠦ ᠰᠤᠷᠭᠠᠭᠤᠯᠢ ᠨᠤᠭᠤᠳ ᠤᠨ ᠨᠡᠶᠢᠭᠡᠮ ᠤᠨ ᠰᠢᠨᠵᠢᠯᠡᠬᠦ ᠤᠬᠠᠭᠠᠨ ᠤ  ᠡᠷᠳᠡᠮ ᠰᠢᠨᠵᠢᠯᠡᠭᠡᠨ ᠤ ᠰᠡᠳᠬᠦᠯ ᠤᠨ ᠬᠠᠷᠢᠯᠴᠠᠭᠠᠨ ᠤ  ᠲᠥᠪ ᠤᠨ ᠪᠠᠶᠢᠩᠭᠤ ᠶᠢᠨ ᠬᠡᠷᠡᠭ ᠡᠷᠬᠢᠯᠡᠭᠴᠢ᠂ ᠥᠪᠥᠷ   ᠮᠣᠩᠭᠤᠯ ᠤᠨ ᠶᠡᠭᠡ ᠳᠡᠭᠡᠳᠦ ᠰᠤᠷᠭᠠᠭᠤᠯᠢ ᠶᠢᠨ ᠡᠷᠳᠡᠮ ᠰᠢᠨᠵᠢᠯᠡᠭᠡᠨ ᠤ ᠰᠡᠳᠬᠦᠯ ᠰᠤᠳᠤᠯᠬᠤ ᠬᠤᠷᠠᠯ ᠤᠨ  ᠳᠡᠳ᠋  ᠳᠠᠷᠤᠭ᠎ᠠ ᠵᠡᠷᠭᠡ ᠨᠡᠶᠢᠭᠡᠮ ᠤᠨ ᠲᠤᠰᠢᠶᠠᠯ ᠢ ᠬᠠᠷᠢᠭᠤᠴᠠᠵᠤ ᠪᠤᠢ᠃               
ᠢᠷᠡᠯᠲᠡ᠄ ᠬᠥᠪᠡᠭᠡᠲᠦ ᠰᠢᠷ᠎ᠠ ᠬᠤᠰᠢᠭᠤᠨ ᠤ ᠠᠷᠠᠳ ᠤᠨ ᠵᠠᠰᠠᠭ ᠤᠨ ᠣᠷᠳᠣᠨ