ᠡᠷᠳᠡᠮ ᠰᠢᠨᠵᠢᠯᠡᠭᠡᠨ ᠤ ᠳ᠋ᠣᠺᠲ᠋ᠣᠷ ᠪᠠ᠊·ᠪᠣᠯᠣᠳ
ᠨᠡᠶᠢᠲᠡᠯᠡᠭᠰᠡᠨ ᠴᠠᠭ᠄
2024/10/25
       ᠡᠷᠳᠡᠮ ᠰᠢᠨᠵᠢᠯᠡᠭᠡᠨ ᠤ ᠳ᠋ᠣᠺᠲ᠋ᠣᠷ ᠪᠠ᠊᠂ ᠪᠣᠯᠣᠳ ( 1963.7- )  ᠥᠪᠥᠷ ᠮᠣᠩᠭᠤᠯ ᠤᠨ ᠬᠥᠪᠡᠭᠡᠲᠦ  ᠰᠢᠷ᠎ᠠ ᠬᠤᠰᠢᠭᠤᠨ ᠤ ᠤᠤᠯ ᠤᠨ ᠪᠣᠭᠳᠠ  ᠠᠭᠤᠯᠠ ᠰᠤᠮᠤᠨ ᠤ ᠪᠣᠭᠳᠠ ᠶᠢᠨ ᠭᠤᠣᠯ ᠪᠠᠷᠢᠭᠠᠳᠠ ᠶᠢᠨ ᠡᠮᠡᠭᠡᠯᠵᠢ ᠪᠠᠷ  ᠳᠡᠭᠡᠳᠦ ᠶᠢᠨ ᠨᠤᠲᠤᠭ ᠲᠠᠢ᠃ ᠲᠡᠭᠦᠨ ᠤ ᠡᠪᠦᠭᠡ ᠨᠢ ᠴᠠᠬᠠᠷ ᠤᠨ ᠠᠯᠳᠠᠷᠲᠤ ᠠᠷᠠᠳ ᠤᠨ  ᠤᠷᠠᠯᠢᠭᠴᠢᠨ ᠰᠢᠷᠠᠭᠦ᠋ᠯᠦᠭᠡ᠂ ᠠᠪᠤ ᠨᠢ ᠪᠠᠲᠤᠸ᠋ᠴᠢᠷ᠂ ᠡᠵᠢ ᠨᠢ ᠰᠧᠹᠯᠮ᠎ᠠ ᠭᠡᠳᠡᠭ᠂ ᠨᠠᠭᠠᠴᠤ ᠨᠢ ᠰᠢᠯᠢ ᠶᠢᠨ ᠭᠤᠣᠯ ᠠᠶᠢᠮᠠᠭ ᠤᠨ 1982 ᠣᠨ ᠤ  ᠠᠷᠠᠳ ᠤᠨ ᠶᠡᠭᠡ  ᠨᠠᠭᠠᠳᠤᠮ ᠳᠤ ᠲᠠᠷᠬᠠᠨ ᠴᠣᠯᠠ ᠪᠠᠨ ᠳᠠᠭᠤᠷᠢᠰᠬᠠᠭᠰᠠᠨ ᠴᠠᠬᠠᠷ ᠤᠨ ᠠᠯᠳᠠᠷᠲᠤ ᠪᠦᠬᠡ  ᠨᠠᠮᠬᠠᠶᠢᠨᠢᠮᠪᠤᠤ ᠨᠠᠷ ᠪᠣᠯ ᠤᠰᠤ ᠨᠤᠲᠤᠭ ᠤᠳᠤᠮ ᠲᠦᠷᠦᠯ ᠤᠨ ᠢᠶᠠᠨ  ᠠᠯᠳᠠᠷ ᠢ ᠡᠷᠭᠦᠭᠰᠡᠨ ᠬᠥᠪᠡᠭᠡᠲᠦ ᠰᠢᠷ᠎ᠠ  ᠬᠤᠰᠢᠭᠤᠨ ᠤ ᠤᠤᠭᠠᠯ ᠬᠠᠷᠢᠶᠠᠲᠤ᠃        ᠳ᠋ᠣᠺᠲ᠋ᠣᠷ ᠪᠠ᠊᠂ ᠪᠣᠯᠣᠳ ᠤᠳᠤ ᠶᠠᠫᠤᠨ ᠤ ᠡᠷᠡᠭᠦᠯ ᠮᠡᠨᠲᠤ ᠰᠫᠣᠷᠲ ᠤᠨ ᠶᠡᠭᠡ  ᠰᠤᠷᠭᠠᠭᠤᠯᠢ ᠶᠢᠨ ᠰᠫᠣᠷᠲ ᠬᠥᠮᠥᠨ ᠵᠦᠢ ᠶᠢᠨ ᠫᠷᠤᠹᠧᠰᠰᠤᠷ᠂ ᠮᠣᠩᠭᠤᠯ  ᠨᠡᠭᠦᠳᠡᠯ ᠰᠣᠶᠣᠯ᠂ ᠪᠦᠬᠡ ᠶᠢᠨ ᠤᠬᠠᠭᠠᠨ ᠤ  ᠰᠤᠳᠤᠯᠤᠭᠴᠢ᠂ ᠢᠷᠠᠭᠤ ᠨᠠᠶᠢᠷᠠᠭᠴᠢ᠂ ᠤᠷᠠᠨ ᠵᠣᠬᠢᠶᠠᠯ ᠤᠨ ᠣᠷᠴᠢᠭᠤᠯᠤᠭᠴᠢ᠃ 2000 ᠣᠨ ᠳᠤ ᠶᠠᠫᠤᠨ ᠤ   ᠢᠷᠭᠡᠨᠰᠢᠯ ᠠᠪᠴᠠᠢ᠃ ᠶᠠᠫᠤᠨ ᠨᠡᠷ᠎ᠡ ᠨᠢ ᠲᠤᠮᠢᠺᠠᠸᠠ ᠷᠢᠺᠢᠳᠤᠤ᠃        ᠪᠠ᠊᠂ ᠪᠣᠯᠣᠳ 1981 ᠣᠨ ᠳᠤ ᠰᠥᠨᠢᠳ ᠪᠠᠷᠠᠭᠤᠨ ᠬᠤᠰᠢᠭᠤᠨ ᠠᠴᠠ ᠴᠤᠷ ᠤᠨ ᠭᠠᠭᠴᠠ ᠶᠡᠭᠡ  ᠰᠤᠷᠭᠠᠭᠤᠯᠢ ᠳᠤ ᠲᠡᠩᠴᠡᠭᠰᠡᠨ ᠮᠣᠩᠭᠤᠯ  ᠣᠶᠤᠲᠠᠨ ᠢᠶᠠᠷ ᠥᠪᠥᠷ ᠮᠣᠩᠭᠤᠯ ᠤᠨ ᠶᠡᠭᠡ ᠰᠤᠷᠭᠠᠭᠤᠯᠢ ᠶᠢᠨ  ᠭᠠᠳᠠᠭᠠᠳᠤ ᠬᠡᠯᠡᠨ ᠤ ᠰᠠᠯᠪᠤᠷᠢ ᠳᠤ ᠶᠠᠫᠤᠨ ᠬᠡᠯᠡᠨ ᠤ ᠲᠤᠰᠬᠠᠢ ᠮᠡᠷᠭᠡᠵᠢᠯ ᠢᠶᠠᠷ ᠡᠯᠰᠡᠭᠳᠡᠵᠦ᠂  1985 ᠣᠨ ᠳᠤ  ᠰᠤᠷᠤᠯᠭ᠎ᠠ ᠪᠠᠨ ᠲᠡᠭᠦᠰᠬᠡᠪᠡ᠃ 1985 ᠣᠨ ᠠᠴᠠ 1989 ᠣᠨ ᠬᠦᠷᠲᠡᠯ᠎ᠡ ᠰᠢᠯᠢ ᠶᠢᠨ ᠭᠤᠣᠯ ᠠᠶᠢᠮᠠᠭ ᠤᠨ  ᠮᠣᠩᠭᠤᠯ ᠲᠤᠮᠲᠠᠲᠤ  ᠰᠤᠷᠭᠠᠭᠤᠯᠢ ᠳᠤ ᠶᠠᠫᠤᠨ ᠬᠡᠯᠡᠨ ᠤ ᠪᠠᠭᠰᠢ ᠪᠠᠷ ᠠᠵᠢᠯᠯᠠᠪᠠ᠃ ᠡᠨᠡ ᠬᠤᠭᠤᠴᠠᠭᠠᠨ ᠳᠤ ᠪᠠᠨ  ᠤᠯᠤᠰ ᠤᠨ ᠵᠠᠷᠤᠳᠠᠯ ᠢᠶᠠᠷ ᠶᠠᠫᠤᠨ ᠤᠯᠤᠰ ᠤᠨ ᠸᠠᠺᠠᠶᠠᠮᠠ ᠮᠤᠵᠢ ᠶᠢᠨ  ᠲᠠᠨᠠᠪᠠᠢ ᠬᠤᠲᠠ ᠶᠢᠨ ᠠᠷᠠᠯᠵᠢᠶ᠎ᠠ  ᠬᠤᠳᠠᠯᠳᠤᠭᠠᠨ ᠤ ᠳᠡᠭᠡᠳᠦ ᠲᠤᠮᠲᠠᠲᠤ ᠰᠤᠷᠭᠠᠭᠤᠯᠢ ᠳᠤ ᠰᠤᠷᠤᠯᠴᠠᠵᠠᠢ᠃ ᠤᠯᠤᠰ ᠲᠤ ᠪᠠᠨ ᠪᠤᠴᠠᠭᠰᠠᠨ ᠤ ᠳᠠᠷᠠᠭ᠎ᠠ᠂  ᠲᠤᠮᠲᠠᠲᠤ  ᠤᠯᠤᠰ ᠤᠨ ᠤᠯᠠᠨ ᠤᠯᠤᠰ ᠤᠨ ᠠᠶᠠᠯᠠᠯ ᠵᠢᠭᠤᠯᠴᠢᠯᠠᠯ ᠤᠨ ᠰᠢᠯᠢᠩᠬᠤᠲᠠ ᠶᠢᠨ ᠰᠠᠯᠪᠤᠷᠢ ᠺᠤᠮᠫᠠᠨᠢ ᠳᠤ  ᠣᠷᠴᠢᠭᠤᠯᠤᠭᠴᠢ ᠪᠠᠷ ᠠᠵᠢᠯᠯᠠᠵᠤ ᠪᠠᠶᠢᠪᠠ᠃             1992 ᠣᠨ ᠳᠤ ᠳᠠᠬᠢᠨᠲᠠ ᠠᠷᠠᠯ ᠤᠨ ᠤᠯᠤᠰ ᠢ ᠵᠣᠷᠢᠵᠤ᠂ ᠲᠣᠣᠺᠢᠤ᠋ ᠶᠡᠭᠡ ᠰᠤᠷᠭᠠᠭᠤᠯᠢ ᠵᠡᠷᠭᠡ ᠶᠡᠭᠡ  ᠰᠤᠷᠭᠠᠭᠤᠯᠢ ᠨᠤᠭᠤᠳ ᠢᠶᠠᠷ ᠡᠷᠳᠡᠮ  ᠮᠡᠷᠭᠡᠵᠢᠯ ᠢᠶᠠᠨ ᠲᠡᠭᠡᠭᠰᠢᠯᠡᠭᠦᠯᠵᠦ᠂ 1994 ᠣᠨ ᠠᠴᠠ 1996 ᠣᠨ ᠳᠤ  ᠴᠢᠪᠠ ᠶᠡᠭᠡ ᠰᠤᠷᠭᠠᠭᠤᠯᠢ ᠶᠢᠨ ᠤᠷᠠᠨ ᠵᠣᠬᠢᠶᠠᠯ ᠰᠤᠳᠤᠯᠬᠤ ᠬᠦᠷᠢᠶᠡᠯᠡᠩ ᠠᠴᠠ  ᠬᠥᠮᠥᠨ ᠰᠣᠶᠣᠯ ᠤᠨ  ᠮᠡᠷᠭᠡᠵᠢᠯ ᠢᠶᠠᠷ ᠮᠠᠰᠲ᠋ᠧᠷ ᠴᠣᠯᠠ ᠬᠠᠮᠠᠭᠠᠯᠠᠵᠤ᠂ 2002 ᠣᠨ ᠤ 9 ᠰᠠᠷ᠎ᠠ ᠳᠤ ᠴᠢᠪᠠ ᠶᠡᠭᠡ ᠰᠤᠷᠭᠠᠭᠤᠯᠢ ᠶᠢᠨ  ᠰᠣᠶᠣᠯ ᠨᠡᠶᠢᠭᠡᠮ  ᠰᠢᠨᠵᠢᠯᠡᠬᠦ ᠤᠬᠠᠭᠠᠨ ᠤ ᠰᠤᠳᠤᠯᠬᠤ ᠬᠦᠷᠢᠶᠡᠯᠡᠩ ᠠᠴᠠ ︽ᠮᠣᠩᠭᠤᠯ ᠪᠦᠬᠡ ᠶᠢᠨ ᠤᠯᠠᠮᠵᠢᠯᠠᠯ  ᠪᠣᠯᠣᠨ ᠲᠡᠭᠦᠨ ᠤ ᠰᠢᠨᠡᠴᠢᠯᠡᠯᠲᠡ ᠶᠢᠨ ᠲᠤᠬᠠᠢ ᠰᠣᠶᠣᠯ ᠬᠥᠮᠥᠨ  ᠵᠦᠢ ᠶᠢᠨ ᠰᠤᠳᠤᠯᠤᠯ︾ ᠭᠡᠰᠡᠨ ᠰᠡᠳᠦᠪ ᠢᠶᠠᠷ  ᠡᠷᠳᠡᠮ ᠰᠢᠨᠵᠢᠯᠡᠭᠡᠨ ᠤ ᠳ᠋ᠣᠺᠲ᠋ᠣᠷ ᠴᠣᠯᠠ ᠬᠠᠮᠠᠭᠠᠯᠠᠵᠤ᠂ ᠳᠡᠯᠡᠬᠡᠢ ᠶᠢᠨ ᠪᠦᠬᠡ ᠶᠢᠨ ᠤᠬᠠᠭᠠᠨ ᠤ ᠤᠤᠭᠠᠨ ᠳ᠋ᠣᠺᠲ᠋ᠣᠷ   ᠪᠣᠯᠵᠠᠢ᠃ ᠲᠡᠷᠡ ︽ᠮᠣᠩᠭᠤᠯ ᠪᠦᠬᠡ ᠶᠢᠨ ᠪᠡᠯᠭᠡᠳᠡᠯ ᠵᠦᠢ︾᠂ ︽ᠮᠣᠩᠭᠤᠯ ᠪᠦᠬᠡ ᠶᠢᠨ ᠠᠮᠢᠯᠠᠬᠤ ᠶᠣᠰᠣᠨ︾   ᠵᠡᠷᠭᠡ 60 ᠭᠠᠷᠤᠢ ᠡᠷᠳᠡᠮ ᠰᠢᠨᠵᠢᠯᠡᠭᠡᠨ ᠤ ᠥᠭᠦᠯᠡᠯ  ᠰᠢᠭᠦᠮᠵᠢ ᠪᠠᠨ ᠤᠯᠤᠰ ᠤᠨ ᠭᠠᠳᠠᠭᠠᠳᠤ ᠳᠣᠲᠣᠭᠠᠳᠤ ᠶᠢᠨ  ᠡᠷᠳᠡᠮ ᠰᠢᠨᠵᠢᠯᠡᠭᠡᠨ ᠤ ᠰᠡᠳᠬᠦᠯ ᠳᠤ ᠨᠡᠶᠢᠲᠡᠯᠡᠭᠦᠯᠦᠭᠰᠡᠨ ᠪᠥᠭᠡᠳ ᠪᠤᠰᠤᠳ ᠲᠠᠢ ᠬᠠᠮᠲᠤᠷᠠᠨ  ᠪᠢᠴᠢᠭᠰᠡᠨ 5 ᠨᠣᠮ ᠲᠠᠢ᠂ ︽ᠬᠠᠮᠠᠷ︾ ᠭᠡᠬᠦ ᠮᠡᠲᠦ ᠶᠢᠨ ᠶᠠᠫᠤᠨ ᠬᠡᠯᠡ ᠪᠠᠷ ᠵᠣᠬᠢᠶᠠᠨ ᠪᠦᠲᠦᠭᠡᠭᠰᠡᠨ 3 ᠣᠷᠴᠢᠭᠤᠯᠭ᠎ᠠ ᠶᠢᠨ ᠲᠡᠭᠦᠪᠦᠷᠢ᠂  ︽ᠬᠠᠶᠢᠷ᠎ᠠ ᠶᠢᠨ ᠥᠴᠢᠯ︾᠂  ︽ᠪᠠ᠊᠂ ᠪᠣᠯᠣᠳ ᠤᠨ ᠪᠦᠬᠡ ᠶᠢᠨ ᠢᠷᠠᠭᠤ ᠨᠠᠶᠢᠷᠠᠭ︾  ᠵᠡᠷᠭᠡ 3 ᠢᠷᠠᠭᠤ  ᠨᠠᠶᠢᠷᠠᠭ ᠤᠨ ᠲᠡᠭᠦᠪᠦᠷᠢ ᠲᠠᠢ᠃             ᠰᠡᠭᠦᠯ ᠤᠨ ᠵᠢᠯ ᠤᠳ ᠲᠤ᠂ ᠲᠡᠷᠡ ᠪᠠᠷ ᠢᠷᠠᠭᠤ ᠨᠠᠶᠢᠷᠠᠭ ᠤᠨ ᠬᠠᠷᠭᠤᠢ ᠳᠤ ᠬᠡᠶᠢᠮᠣᠷᠢ ᠲᠠᠢ ᠭᠢᠯᠠᠷᠠᠭᠤᠯᠵᠤ  ᠶᠠᠪᠤᠭ᠎ᠠ ᠪᠥᠭᠡᠳ ᠮᠣᠩᠭᠤᠯ ᠤᠷᠠᠨ  ᠵᠣᠬᠢᠶᠠᠯ ᠤᠨ ᠲᠠᠪᠴᠠᠩ ᠳᠤ ᠰᠢᠨ᠎ᠡ ᠣᠷᠣᠨ ᠵᠠᠢ ᠪᠠᠨ ᠣᠯᠵᠤ ᠪᠠᠶᠢᠭ᠎ᠠ  ᠮᠣᠩᠭᠤᠯ ᠬᠠᠶᠢᠺᠤ ᠶᠢᠨ ᠬᠥᠭᠵᠢᠯ ᠤᠨ ᠲᠥᠯᠥᠭᠡ ᠲᠡᠮᠡᠦᠯᠵᠦ᠂ 2018 ᠣᠨ ᠳᠤ  ᠨᠠᠴᠦ᠋ᠢᠰᠢ ᠪᠠᠩᠶᠠ ︵ᠳᠡᠯᠡᠬᠡᠢ ᠶᠢᠨ  ᠠᠯᠳᠠᠷᠲᠤ ᠬᠠᠶᠢᠺᠤ ᠰᠢᠯᠦᠭᠴᠢᠨ︶ ᠱᠠᠩᠨᠠᠯᠲᠤ ᠬᠠᠶᠢᠺᠤ ᠶᠢᠨ ᠤᠷᠤᠯᠳᠤᠭᠠᠨ ᠢ ᠵᠣᠬᠢᠶᠠᠨ ᠪᠠᠶᠢᠭᠤᠯᠤᠭᠰᠠᠨ ᠪᠠᠶᠢᠨ᠎ᠠ᠃             ᠪᠠ᠊᠂ ᠪᠣᠯᠣᠳ ᠪᠣᠯ ᠵᠦᠪᠬᠡᠨ ᠡᠷᠳᠡᠮ ᠰᠢᠨᠵᠢᠯᠡᠭᠡᠨ ᠤ ᠰᠤᠳᠤᠯᠤᠯ ᠲᠡᠳᠦᠢ ᠦᠭᠡᠢ᠂ ᠥᠪᠡᠷ ᠤᠨ ᠪᠡᠶ᠎ᠡ ᠪᠠᠷ ᠢᠶᠠᠨ ᠦᠢᠯᠡᠳᠦᠯᠭᠡ ᠬᠢᠵᠦ ᠢᠳᠡᠪᠬᠢᠲᠡᠢ  ᠰᠠᠨᠠᠭᠠᠴᠢᠯᠠᠨ ᠪᠣᠳᠠᠲᠤ ᠠᠰᠠᠭᠤᠳᠠᠯ ᠳᠤ ᠴᠢᠭᠯᠡᠭᠦᠯᠦᠨ ᠦᠵᠡᠯ  ᠪᠤᠳᠤᠯ ᠢᠶᠠᠨ ᠵᠣᠷᠢᠭᠲᠠᠢ ᠢᠯᠡᠷᠬᠡᠶᠢᠯᠡᠵᠦ᠂ ᠤᠨᠤᠯ ᠦᠢᠯᠡᠳᠦᠯᠭᠡ ᠪᠠᠷ ᠠᠮᠵᠢᠯᠲᠠ ᠳᠤ ᠬᠦᠷᠦᠭᠰᠡᠨ  ᠡᠷᠳᠡᠮ  ᠰᠢᠨᠵᠢᠯᠡᠭᠡᠨ ᠤ ᠳ᠋ᠤᠲ᠋ᠤᠷ ᠪᠣᠯᠣᠨ᠎ᠠ᠃           
ᠢᠷᠡᠯᠲᠡ᠄ ᠬᠥᠪᠡᠭᠡᠲᠦ ᠰᠢᠷ᠎ᠠ ᠬᠤᠰᠢᠭᠤᠨ ᠤ ᠠᠷᠠᠳ ᠤᠨ ᠵᠠᠰᠠᠭ ᠤᠨ ᠣᠷᠳᠣᠨ