ᠪᠠᠭ᠎ᠠ ᠨᠠᠰᠤᠨ ᠤ ᠪᠠᠯᠳᠤ ᠴᠠᠭᠠᠨ ᠰᠠᠷ᠎ᠠ
ᠨᠡᠶᠢᠲᠡᠯᠡᠭᠰᠡᠨ ᠴᠠᠭ᠄
2024/10/28
      ᠲᠦᠭᠦᠭᠡ ᠣᠷᠣᠭᠰᠠᠨ ᠴᠠᠭ ᠠᠴᠠ ᠪᠠᠨ ᠡᠬᠢᠯᠡᠨ ᠪᠢ ᠴᠠᠭᠠᠨ ᠰᠠᠷ᠎ᠠ ᠪᠤᠯᠬᠤ ᠭᠡᠭᠴᠢ ᠬᠠᠮᠤᠭ ᠤᠨ ᠰᠠᠶᠢᠬᠠᠨ ᠶᠠᠪᠤᠳᠠᠯ ᠬᠡᠮᠡᠨ ᠪᠤᠳᠤᠳᠠᠬ ᠪᠠᠶᠢᠵᠠᠢ᠃ ᠲᠡᠭᠡᠭᠡᠳ ᠰᠢᠨᠡᠯᠡᠬᠦ ᠠᠴᠠ ᠪᠠᠷᠤᠭ ᠵᠠᠭᠤᠨ ᠬᠤᠨᠤᠭ ᠤᠨ ᠡᠮᠦᠨ᠎ᠡ ᠠᠴᠠ ᠡᠳᠦᠷ ᠤᠬᠤᠷᠢᠭᠤᠯᠤᠨ ᠲᠣᠭᠠᠯᠠᠵᠤ᠂ ᠠᠷᠭ᠎ᠠ ᠶᠢᠨ ᠤᠯᠠᠷᠢᠯ ᠪᠢᠯᠢᠭ ᠤᠨ ᠲᠣᠭᠠᠯᠠᠯ ᠭᠡᠵᠦ ᠰᠤᠷᠤᠬᠰᠠᠨ ᠲᠤᠭ᠎ᠠ ᠶᠢᠨ ᠬᠢᠷᠢ ᠪᠠᠷ ᠢᠶᠠᠨ ᠬᠤᠷᠤᠭᠤ ᠳᠠᠷᠤᠨ ᠬᠢᠮᠤᠰᠤ ᠨᠢᠰᠠᠯᠤᠨ ᠬᠠᠵᠠᠭᠠᠢ ᠬᠠᠯᠠᠭᠤ ᠪᠣᠯᠴᠢᠬᠠᠬᠤ ᠠᠴᠠ ᠠᠶᠤᠵᠤ᠂ ᠲᠠᠭᠢᠨ ᠳᠠᠪᠲᠠᠨ ᠯᠠᠪᠳᠠᠭᠤᠯᠵᠤ ᠨᠠᠷᠢᠪᠴᠢᠯᠠᠵᠤ ᠪᠠᠶᠢᠭᠰᠠᠨ ᠮᠠᠨᠢ ᠶᠠᠮᠠᠷᠬᠠᠨ ᠳᠠᠪᠴᠢᠭᠤ ᠬᠦᠰᠡᠯ ᠬᠦᠯᠢᠶᠡᠯᠲᠡ ᠠᠵᠢ᠃      ᠪᠠᠭ᠎ᠠ ᠶᠢᠨ ᠴᠠᠭᠠᠨ ᠰᠠᠷ᠎ᠠ ᠶᠡᠷᠦ ᠨᠢ ᠪᠠᠯ ᠪᠤᠷᠠᠮ ᠤᠨ ᠪᠡᠯᠡᠭ ᠲᠠᠢ ᠰᠠᠭᠠᠲᠠᠳᠠᠭ ᠪᠠᠶᠢᠵᠠᠢ᠃ ᠡᠪᠦᠯ ᠣᠷᠣᠵᠤ ᠡᠳᠦᠷ ᠬᠦᠢᠲᠡᠷᠡᠭᠰᠡᠭᠡᠷ ᠯᠡ ᠡᠵᠢ ᠮᠢᠨᠢ ᠪᠢᠳᠡᠨ ᠳᠤ ᠰᠢᠨᠡᠯᠡᠬᠦ ᠬᠤᠪᠴᠠᠰᠤ ᠣᠶᠣᠭᠠᠳ ᠶᠠᠭᠠᠷᠠᠨ᠎ᠠ᠃ ᠡᠭᠡᠴᠢ ᠳᠡᠭᠦᠦ ᠪᠢᠳᠡ ᠲᠠᠪᠤᠭᠤᠯᠠ ᠡᠩ ᠤᠨ ᠦᠶ᠎ᠡ ᠳᠡᠭᠡᠨ ᠥᠭᠡᠯᠡᠢ ᠨᠢ ᠡᠮᠦᠰᠦᠭᠡᠳ ᠪᠠᠭᠠᠳᠠᠪᠠᠯ ᠪᠢᠴᠢᠬᠠᠨ ᠨᠢ ᠡᠮᠦᠰᠳᠡᠭ ᠪᠤᠯᠪᠠᠴᠤ᠂ ᠵᠢᠯ ᠴᠠᠭᠠᠨ ᠰᠠᠷ᠎ᠠ ᠪᠤᠯᠬᠤ ᠳᠤ ᠡᠵᠢ ᠵᠠᠪᠠᠯ ᠪᠢᠳᠡᠨ ᠳᠤ ᠰᠢᠨ᠎ᠡ ᠬᠠᠨᠲᠠᠭᠠᠰᠤ ᠥᠮᠥᠳᠦ ᠱᠠᠬᠠᠢ ᠭᠤᠳᠤᠯ ᠣᠶᠣᠵᠤ ᠦᠭᠳᠡᠭ ᠪᠠᠶᠢᠯ᠎ᠠ᠃ ᠲᠡᠭᠡᠭᠡᠳ ᠪᠤᠳᠠᠭ᠎ᠠ ᠲᠡᠭᠡᠷᠮᠡᠳᠡᠬᠦ᠂ ᠭᠡᠷ ᠲᠡᠷᠭᠡ ᠴᠡᠪᠡᠷᠯᠡᠵᠦ ᠬᠤᠭ ᠲᠣᠭᠤᠰᠣ ᠭᠦᠪᠢᠬᠦ ᠭᠡᠬᠦ ᠮᠡᠲᠦ ᠶᠢᠨ ᠪᠠᠶᠢᠭᠰᠠᠨ ᠠᠵᠢᠯ ᠤᠨ ᠲᠠᠯᠢᠮ ᠳᠠᠭᠠᠨ ᠡᠵᠢ ᠰᠥᠨᠢ ᠶᠢᠨ ᠲᠤᠰᠤᠨ ᠳ᠋ᠧᠩ ᠤᠨ ᠳᠣᠣᠷ᠎ᠠ ᠰᠠᠭᠤᠵᠤ ᠣᠶᠣᠳᠠᠯ ᠣᠶᠣᠬᠤ ᠳᠤ ᠪᠢᠳᠡ ᠲᠠᠪᠤᠭᠤᠯᠠ ᠭᠦᠨᠵᠢᠯᠡ ᠳᠣᠲᠣᠷ᠎ᠠ ᠠᠴᠠ ᠲᠣᠯᠣᠭᠠᠢ ᠪᠠᠨ ᠪᠤᠯᠲᠠᠶᠢᠯᠭᠠᠨ ᠮᠢᠨᠤ ᠶᠠᠮᠠᠷ ᠬᠤᠸᠠᠷ ᠲᠠᠢ᠂ ᠴᠢᠨᠦ ᠶᠠᠮᠠᠷ ᠥᠩᠭᠡ ᠲᠠᠢ ᠭᠡᠵᠦ ᠪᠤᠯᠢᠶᠠᠯᠳᠤᠭᠠᠨ ᠪᠤᠯᠵᠠᠭᠠᠨ᠎ᠠ᠃︽ᠮᠢᠨᠤ ᠬᠡᠦᠬᠡᠳ ᠤᠨ ᠬᠤᠪᠴᠠᠰᠤ ᠪᠦᠷ ᠰᠠᠶᠢᠬᠠᠨ ᠰᠢᠦ᠂ ᠡᠮᠦᠰᠦᠭᠡᠳ ᠭᠠᠷᠪᠠᠯ ᠠᠶᠢᠯ ᠤᠨ ᠬᠥᠮᠥᠰ ᠮᠠᠭᠲᠠᠬᠤ ᠦᠭᠡᠢ ᠤᠤ᠂ ᠦᠵᠡᠵᠦ ᠪᠠᠢ︾ ᠭᠡᠵᠦ ᠡᠵᠢ ᠪᠢᠲᠡᠨ ᠢ ᠪᠠᠨ ᠠᠷᠭᠠᠳᠠᠳᠠᠭ᠃ ᠪᠢᠳᠡ ᠬᠤᠪᠢ ᠬᠤᠪᠢᠨ ᠤ ᠬᠤᠪᠴᠠᠰᠤ ᠱᠠᠬᠠᠢ ᠪᠠᠨ ᠡᠮᠡᠭᠡ  ᠶᠢᠨ ᠪᠣᠰᠤᠭ᠎ᠠ ᠬᠤᠷᠭᠤ ᠳᠤ ᠡᠪᠲᠡᠢ ᠡᠪᠬᠡᠵᠦ ᠬᠤᠷᠢᠶᠠᠭᠠᠳ ᠬᠡᠵᠢᠶ᠎ᠡ ᠴᠤ ᠰᠢᠨᠡᠯᠡᠬᠦ ᠪᠢᠯᠡ ᠳ᠋ᠡ᠂ ᠰᠢᠨ᠎ᠡ ᠬᠤᠪᠴᠠᠰᠤ ᠪᠠᠨ ᠡᠮᠦᠰᠦᠨ᠎ᠡ ᠰᠢᠦ ᠭᠡᠵᠦ ᠶᠠᠭᠠᠷᠠᠬᠤ ᠳᠤ ᠡᠨᠡ ᠰᠢᠨ᠎ᠡ ᠵᠢᠯ ᠴᠠᠭᠠᠨ ᠰᠠᠷ᠎ᠠ ᠨᠢ ᠴᠠᠭᠠᠨ᠎ᠠ ᠪᠠᠨ ᠨᠢᠭᠡᠯᠡ ᠰᠢᠪᠠᠷᠳᠠᠴᠢᠬᠠᠭᠰᠠᠨ ᠶᠤᠮᠰᠢᠭ ᠭᠦᠷᠦᠭᠡᠳ ᠢᠷᠡᠬᠦ ᠦᠭᠡᠢ ᠨᠢ ᠬᠡᠴᠡᠭᠦᠦ ᠶᠤᠮ᠃      ᠰᠢᠨᠡᠯᠡᠬᠦ ᠭᠡᠭᠴᠢ ᠶᠢᠨ ᠰᠠᠶᠢᠬᠠᠨ ᠨᠢ ᠰᠢᠨ᠎ᠡ ᠬᠤᠪᠴᠠᠰᠤ ᠡᠮᠦᠰᠴᠦ ᠠᠮᠲᠠᠲᠠᠨ ᠢ  ᠢᠳᠡᠬᠦ ᠶᠢᠨ ᠲᠥᠯᠥᠭᠡ ᠯᠡ ᠪᠤᠰᠤ᠃ ᠲᠡᠷᠡ ᠦᠶᠡᠰ ᠠᠶᠢᠯ ᠤᠯᠠᠨ ᠢᠶᠠᠷ  ᠢᠶᠠᠨ ᠴᠤᠭᠯᠠᠷᠠᠨ ᠠᠮᠤᠷ ᠮᠡᠨᠳᠤ ᠪᠠᠨ ᠡᠷᠢᠯᠴᠡᠨ᠂ ᠨᠢᠭᠡᠨ ᠨᠢᠭᠡᠨ ᠤ ᠳᠡᠭᠡᠨ ᠠᠶᠢᠯᠴᠢᠯᠠᠨ ᠴᠠᠢ ᠤᠤᠭᠤᠵᠤ ᠪᠤᠳᠠᠭ᠎ᠠ ᠢᠳᠡᠳᠡᠭ᠃ ᠮᠢᠨᠤ ᠡᠪᠦᠭᠡ ᠡᠮᠡᠭᠡ ᠠᠶᠢᠯ ᠠᠶᠢᠮᠠᠭ  ᠲᠠᠭᠠᠨ ᠨᠠᠰᠤ ᠪᠠᠷ ᠬᠠᠮᠤᠭ ᠥᠨᠳᠥᠷ ᠪᠣᠯᠬᠤᠷ ᠰᠢᠨ᠎ᠡ ᠶᠢᠨ ᠨᠢᠭᠡᠨ ᠤ ᠲᠦᠷᠦᠭᠦᠦ ᠲᠠᠬᠢᠶᠠᠨ ᠲᠠᠭᠤᠨ ᠢᠶᠠᠷ ᠪᠢᠳᠡ ᠬᠡᠳᠦᠭᠦᠯᠡ ᠶᠠᠭᠠᠷᠠᠨ ᠪᠣᠰᠴᠠᠭᠠᠵᠤ᠂ ᠡᠪᠦᠭᠡ ᠡᠮᠡᠭᠡ  ᠪᠠᠨ ᠰᠢᠷᠡᠭᠡᠨ ᠳᠡᠭᠡᠲᠡᠢ ᠵᠠᠯᠠᠵᠤ ᠰᠠᠭᠤᠯᠭᠠᠨ ᠠᠷᠢᠬᠢ ᠭᠡᠮᠨᠡᠨ ᠭᠠᠵᠠᠷ ᠲᠤ ᠰᠥᠭᠦᠳᠥᠨ ᠮᠥᠷᠭᠦᠭᠡᠳ ᠳᠥᠩᠭᠡᠵᠢ ᠪᠣᠰᠲᠠᠯ᠎ᠠ ᠵᠡᠭᠦᠨ ᠪᠠᠷᠠᠭᠤᠨ ᠭᠡᠷ ᠤᠨ ᠬᠢᠨ ᠠᠶᠢᠯᠴᠢᠯᠠᠬᠤ ᠪᠠᠷ ᠢᠷᠡᠵᠡᠭᠡᠵᠦ᠂ ᠡᠪᠦᠭᠡ ᠡᠮᠡᠭᠡ ᠳᠤ ᠠᠷᠢᠬᠢ ᠨᠡᠷᠡᠵᠦ︽ᠰᠠᠶᠢᠨᠠᠤ᠂ ᠰᠠᠶᠢᠨᠠᠤ︾ᠭᠡᠵᠦ ᠡᠪᠦᠳᠦᠭ ᠨᠤᠭᠤᠯᠤᠨ ᠰᠥᠭᠦᠳᠬᠦ ᠳᠤ ᠡᠬᠡᠨᠡᠷ ᠬᠡᠦᠬᠡᠳ ᠨᠢ ᠴᠤ ᠳᠠᠭᠠᠯᠳᠤᠨ ᠬᠤᠶᠠᠷ ᠵᠠᠩ ᠭᠡᠷ ᠤᠨ ᠬᠥᠰᠡᠷ ᠳᠦᠭᠦᠷᠡᠩ ᠰᠦᠭᠦᠳᠴᠡᠭᠡᠨ᠂ ᠭᠠᠳᠠᠭ᠎ᠠ ᠲᠠᠰᠤᠯᠭᠠᠨ ᠤ ᠡᠭᠦᠳᠡ ᠭᠠᠷᠳᠠᠯ᠎ᠠ ᠦᠷᠭᠦᠯᠵᠢᠯᠡᠳᠡᠭ ᠪᠠᠶᠢᠯ᠎ᠠ᠃ ᠥᠨᠳᠥᠷ ᠨᠠᠰᠤᠲᠠᠨ ᠠᠴᠠ ᠢᠷᠦᠭᠡᠯ ᠠᠪᠬᠤ ᠨᠢ ᠥᠭᠡᠳᠡ ᠡᠰᠡᠷᠡᠭ ᠤᠨ ᠪᠡᠯᠭᠡᠳᠡᠯ ᠭᠡᠵᠦ ᠤᠷᠢᠳ ᠢᠶᠠᠷ ᠢᠷᠡᠭᠰᠡᠨ ᠢ ᠨᠢ ᠦᠳᠡᠵᠦ ᠠᠮᠵᠢᠬᠤ ᠠᠴᠠ ᠡᠮᠦᠨ᠎ᠡ ᠤᠷᠢᠳᠤ ᠬᠤᠶᠢᠲᠤ ᠠᠶᠢᠯ ᠤᠨ ᠭᠡᠶᠢᠴᠢᠨ ᠴᠤ ᠵᠠᠯᠭᠠᠭ᠎ᠠ  ᠪᠠᠷ ᠴᠤᠪᠤᠷᠠᠨ ᠡᠪᠦᠭᠡ ᠡᠮᠡᠭᠡ ᠬᠤᠶᠠᠭᠤᠯᠠ ᠦᠳᠡ ᠬᠠᠵᠠᠶᠢᠲᠠᠯ᠎ᠠ ᠬᠤᠯᠠ ᠣᠶᠢᠷ᠎ᠠ ᠶᠢᠨ ᠭᠡᠶᠢᠴᠢᠨ ᠵᠣᠴᠢᠨ ᠳᠤ ᠢᠷᠦᠭᠡᠯ ᠬᠠᠶᠢᠷᠠᠯᠠᠭᠠᠳ ᠲᠠᠭᠠᠷᠠᠴᠢᠬᠠᠳᠠᠬ᠃ ᠡᠵᠢ ᠢᠷᠡᠭᠰᠡᠨ ᠭᠡᠶᠢᠴᠢᠨ ᠳᠤ ᠴᠠᠢ ᠤᠰᠤ ᠠᠶᠠᠭᠠᠯᠠᠬᠤ ᠵᠠᠭᠤᠷ᠎ᠠ ᠮᠠᠨ ᠤ ᠬᠡᠳᠦᠭᠦᠯᠡ ᠠᠪᠤ ᠶᠢ ᠲᠠᠭᠠᠵᠤ ᠵᠡᠭᠦᠨ ᠭᠡᠷ ᠤᠨ ᠬᠤᠶᠠᠳᠤᠭᠠᠷ ᠡᠪᠦᠭᠡ ᠡᠮᠡᠭᠡ ᠳᠤ ᠵᠣᠯᠭᠠᠬᠤ ᠪᠠᠷ ᠣᠷᠣᠵᠤ︽ᠰᠠᠶᠢᠨᠠᠤ︾ ᠭᠡᠵᠦ ᠡᠪᠦᠳᠦᠭ ᠨᠤᠭᠤᠯᠤᠨ ᠠᠮᠤᠷ ᠠᠰᠠᠭᠤᠵᠤ ᠰᠢᠨ᠎ᠡ ᠶᠢᠨ ᠢᠷᠦᠭᠡᠯ ᠢ ᠨᠢ ᠭᠦᠷᠳᠡᠨ᠂ ᠰᠢᠷ᠎ᠠ ᠲᠣᠰᠣ᠂ ᠬᠠᠭᠤᠷᠠᠢ ᠪᠤᠳᠠᠭ᠎ᠠ᠂ ᠬᠤᠷᠤᠳ ᠢ  ᠨᠢ ᠢᠳᠡᠵᠦ᠂ ᠲᠠᠷᠠᠭᠠᠴᠢ ᠶᠢᠨ ᠭᠡᠷ ᠲᠤ ᠲᠠᠭᠢᠭᠠᠳ ᠲᠠᠪᠤᠭᠤᠯᠠ ᠵᠠᠬ᠎ᠠ ᠳᠠᠷᠠᠭᠠᠯᠠᠨ ᠰᠢᠨ᠎ᠡ ᠶᠢᠨ ᠵᠣᠯᠭᠠᠯᠲᠠ ᠬᠢᠵᠦ ᠣᠷᠣᠭᠰᠠᠨ ᠭᠡᠷ ᠪᠣᠯᠭᠠᠨ ᠳᠤ ᠬᠠᠭᠤᠷᠠᠢ ᠪᠤᠳᠠᠭ᠎ᠠ᠂ ᠬᠤᠷᠤᠳ ᠡᠨᠡ ᠲᠡᠷᠡ ᠭᠡᠵᠦ ᠢᠳᠡᠭᠰᠡᠭᠡᠷ ᠪᠠᠶᠢᠭᠠᠳ ᠠᠷᠪᠠᠭᠠᠳ ᠭᠡᠷ ᠲᠤ ᠠᠶᠢᠯᠴᠢᠯᠠᠭᠠᠳ ᠪᠠᠷᠠᠲᠠᠯ᠎ᠠ ᠬᠤᠳᠣᠭᠤᠳᠤ ᠭᠡᠳᠡᠰᠦ ᠪᠠᠨ ᠵᠡᠬᠡᠲᠡᠯ᠎ᠡ ᠠᠬᠰᠠᠶᠢᠯᠭᠠᠵᠤ ᠠᠪᠤᠭᠠᠳ ᠠᠬᠢᠭᠠᠳ ᠬᠡᠳᠦᠨ ᠡᠳᠦᠷ ᠬᠠᠭᠤᠷᠠᠢ ᠪᠤᠳᠠᠭ᠎ᠠ ᠶᠢ ᠪᠤᠳᠤᠬᠤ ᠠᠴᠠ ᠵᠣᠷᠢᠭ ᠠᠯᠳᠠᠷᠠᠳᠠᠭ ᠰᠠᠨ᠃      ᠡᠳᠦᠷ ᠬᠤᠨᠤᠭ ᠭᠡᠵᠦ ᠬᠦᠰᠡᠵᠦ ᠪᠠᠷᠠᠯᠠᠬᠤ ᠳᠤ ᠤᠳᠠᠭᠠᠨ ᠪᠠᠶᠢᠲᠠᠯ᠎ᠠ ᠭᠦᠷᠦᠭᠡᠳ ᠢᠷᠡᠪᠡᠯ ᠬᠤᠷᠳᠤᠨ ᠨᠢ ᠠᠷᠭ᠎ᠠ ᠦᠭᠡᠢ ᠶᠤᠮᠳᠠᠬ᠃ ᠪᠤᠯᠳᠠᠬ ᠰᠠᠨ ᠪᠣᠯ ᠪᠢᠲᠡᠭᠦᠨ ᠰᠢᠨ᠎ᠡ ᠶᠢᠨ ᠨᠢᠭᠡᠨ ᠤ ᠨᠠᠷᠠ ᠶᠢ ᠲᠤᠯᠵᠤ ᠲᠠᠯᠪᠢᠭᠠᠳ ᠡᠶᠢᠮᠦ ᠰᠠᠶᠢᠬᠠᠨ ᠡᠳᠦᠷ ᠢ ᠢᠯᠡᠭᠦᠦ ᠵᠢᠭᠠᠬᠠᠨ ᠤᠷᠲᠤᠳᠬᠠᠬᠤ ᠰᠠᠨᠠᠭ᠎ᠠ ᠴᠤ ᠣᠷᠣᠳᠠᠭ ᠪᠢᠯᠡ᠃ ᠲᠡᠷᠡ ᠦᠶᠡᠰ ᠬᠡᠨ ᠤ ᠭᠡᠵᠢᠭᠡᠨ ᠳᠡᠭᠡᠨ ᠶᠠᠮᠠᠷ ᠥᠩᠭᠡ ᠶᠢᠨ ᠣᠷᠢᠶᠠᠯᠲᠠ ᠵᠡᠭᠦᠭᠰᠡᠨ᠂ ᠬᠡᠨ ᠤ ᠭᠡᠷ ᠤᠨ ᠬᠠᠨ᠎ᠠ ᠳᠠᠭᠠᠨ ᠶᠠᠮᠠᠷ ᠵᠢᠷᠤᠭ ᠲᠠᠢ ᠴᠠᠭᠠᠰᠤᠨ ᠬᠤᠸᠠᠷ ᠨᠠᠭᠠᠭᠰᠠᠨ᠂ ᠬᠡᠨ ᠨᠢ ᠶᠠᠮᠠᠷ ᠬᠤᠪᠴᠠᠰᠤ ᠡᠮᠦᠰᠦᠭᠰᠡᠨ᠂ ᠬᠡᠨ ᠤ ᠱᠠᠬᠠᠢ ᠨᠢ ᠨᠡᠩ ᠵᠣᠬᠢᠷᠠᠭᠰᠠᠨ᠂ ᠬᠡᠨ ᠤ ᠭᠡᠷ ᠲᠤᠨᠢ ᠶᠠᠮᠠᠷ ᠵᠣᠴᠢᠨ ᠢᠷᠡᠭᠰᠡᠨ ᠭᠡᠬᠦ ᠮᠡᠲᠦ ᠪᠠᠷ ᠬᠡᠦᠬᠡᠨᠴᠦᠦᠯ ᠬᠦᠦᠴᠦᠦᠯ ᠬᠡᠳᠦᠨ ᠪᠦᠯᠦᠭ ᠪᠣᠯᠵᠤ ᠱᠤᠤᠭᠢᠯᠳᠤᠵᠠᠭᠠᠬᠤ ᠪᠥᠭᠡᠳ ᠮᠠᠨ ᠤ ᠡᠭᠡᠴᠢ ᠳᠡᠭᠦᠦ ᠬᠡᠳᠦᠭᠦᠯᠡ ᠶᠢᠨ ᠡᠮᠦᠰᠬᠡᠯ ᠵᠡᠭᠦᠰᠬᠡᠯ ᠪᠠᠷᠤᠭ ᠤᠳᠠᠭ᠎ᠠ ᠪᠣᠯᠭᠠᠨ ᠦᠶ᠎ᠡ ᠬᠤᠷᠠᠭᠴᠤᠤᠯ ᠤᠨ ᠢᠶᠠᠨ ᠥᠨᠳᠥᠷ ᠦᠨᠡᠯᠡᠯᠲᠡ ᠶᠢ ᠣᠯᠳᠠᠭ ᠪᠠᠶᠢᠵᠠᠢ᠃ ᠤᠴᠢᠷ ᠨᠢ ᠮᠢᠨᠤ ᠡᠮᠡᠭᠡ ᠪᠣᠯᠣᠨ ᠡᠵᠢ ᠪᠦᠷ ᠠᠶᠢᠯ ᠳᠠᠭᠠᠨ ᠨᠠᠷᠠᠲᠠᠢ ᠤᠷᠠᠨ ᠣᠶᠣᠳᠠᠯᠴᠢᠨ ᠶᠤᠮ ᠴᠢᠨᠢ᠃ ᠪᠢᠳᠡ ᠪᠠᠰᠠ ᠦᠶ᠎ᠡ ᠬᠤᠷᠠᠭᠴᠤᠤᠯ ᠴᠤᠭᠯᠠᠨ ᠫᠤᠤᠵᠢᠩ ᠲᠠᠯᠪᠢᠬᠤ᠂ ᠬᠥᠵᠥᠷ ᠲᠣᠭᠯᠠᠬᠤ᠂ ᠮᠥᠰᠥᠨ ᠳᠤ ᠭᠤᠯᠭᠤᠬᠤ᠂ ᠡᠯᠢᠶ᠎ᠡ ᠲᠠᠭᠢᠶ᠎ᠠ ᠬᠥᠭᠡᠭᠡᠯᠴᠡᠬᠦ᠂ ᠨᠢᠭᠤᠯᠴᠠᠭ᠎ᠠ ᠨᠠᠭᠠᠳᠬᠤ ᠭᠡᠵᠦ ᠡᠳᠦᠷ ᠤᠨ ᠵᠣᠷᠢᠭ ᠢᠶᠠᠷ ᠭᠡᠷ ᠤᠨ ᠪᠠᠷ᠎ᠠ ᠦᠵᠡᠳᠡᠭ ᠦᠭᠡᠢ ᠪᠥᠭᠡᠳ ᠣᠷᠣᠢ ᠪᠤᠯᠬᠤ ᠳᠤ ᠠᠶᠢᠯ ᠤᠨ ᠠᠪᠤ᠂ ᠠᠪᠠᠭ᠎ᠠ ᠨᠠᠷ ᠤᠨ ᠬᠥᠵᠥᠷ ᠨᠠᠭᠠᠳᠬᠤ ᠶᠢ ᠬᠠᠵᠠᠭᠤ ᠳᠤᠨᠢ ᠦᠵᠡᠵᠦ ᠰᠠᠭᠤᠭᠰᠠᠭᠠᠷ ᠪᠠᠶᠢᠵᠤ ᠬᠡᠵᠢᠶ᠎ᠡ ᠨᠣᠶᠢᠷ ᠭᠦᠷᠦᠭᠡᠳ ᠲᠡᠰᠬᠦ ᠠᠯᠲᠠᠷᠬᠠᠤ ᠳᠠᠭᠠᠨ ᠣᠩᠬᠤᠯᠢᠵᠤ ᠤᠨᠠᠭᠰᠠᠨ ᠣᠷᠣᠨ ᠳᠠᠭᠠᠨ ᠮᠠᠩᠰᠢᠭᠤᠷᠠᠨ ᠤᠨᠲᠠᠭᠠᠳ ᠮᠠᠷᠭᠠᠰᠢ ᠶᠢᠨ ᠨᠠᠷᠠᠨ ᠢ ᠤᠭᠲᠤᠳᠠᠭ ᠪᠢᠯᠡ᠃      ᠵᠢᠯ ᠳᠡᠭᠡᠨ ᠣᠨ ᠳᠠᠭᠠᠨ ᠳᠤᠷᠠᠯᠠᠭᠠᠳ ᠢᠷᠡᠭᠰᠡᠨ ᠠᠮᠲᠠᠲᠤ ᠢᠳᠡᠭᠡᠨ ᠢ ᠢᠳᠡᠵᠦ᠂ ᠵᠢᠷᠦᠬᠡᠨ ᠭᠤᠣᠯ ᠠᠴᠠ ᠪᠠᠨ ᠬᠢᠮᠠᠭᠠᠳᠠᠨ ᠬᠠᠳᠠᠭᠠᠯᠠᠭᠰᠠᠨ ᠰᠢᠨ᠎ᠡ ᠬᠤᠪᠴᠠᠰᠤ ᠪᠠᠨ ᠡᠮᠦᠰᠦᠨ᠂ ᠣᠷᠣᠭᠰᠠᠨ ᠭᠡᠷ ᠪᠣᠯᠭᠠᠨ ᠠᠴᠠ ᠬᠡᠳᠦᠨ ᠬᠡᠰᠡᠭ ᠰᠢᠬᠢᠷ᠂ ᠬᠤᠶᠠᠷ ᠠᠳᠬᠤ ᠬᠠᠭᠤᠷᠤᠭᠰᠠᠨ ᠨᠠᠷᠠᠨ ᠬᠤᠸᠠᠷ ᠤᠨ ᠦᠷ᠎ᠡ ᠪᠤᠶᠤ ᠯᠣᠬᠠᠱᠧᠩ ᠡᠨᠡ ᠲᠡᠷᠡ ᠣᠯᠣᠭᠠᠳ ᠢᠳᠡᠴᠢᠬᠡᠬᠦ ᠪᠠᠷ ᠡᠨᠡ ︽ᠶᠢᠷᠲᠢᠨᠴᠦ ᠶᠢᠨ ᠵᠢᠷᠭᠠᠯ︾ ᠭᠡᠭᠴᠢ ᠨᠢ ᠪᠤᠳᠠ ᠪᠡᠶ᠎ᠡ ᠪᠠᠷ ᠢᠶᠠᠨ ᠮᠢᠨᠤᠬᠢ ᠪᠣᠯᠵᠤ᠂ ᠬᠤᠶᠠᠷ ᠭᠤᠷᠪᠠᠨ ᠡᠳᠦᠷ ᠴᠢᠨᠢ ᠬᠤᠷᠤᠭᠤ ᠢᠨᠴᠢᠳᠬᠦ ᠶᠢᠨ ᠬᠤᠭᠤᠷᠣᠨᠳᠤ ᠥᠩᠭᠡᠷᠡᠭᠡᠳ ᠥᠭᠬᠦ ᠨᠢ ᠲᠡᠷᠡ᠃ ᠮᠠᠨᠠᠶᠢᠬᠢᠨ ᠤ ᠳᠤ ᠰᠢᠨ᠎ᠡ ᠶᠢᠨ ᠲᠦᠷᠪᠡᠨ ᠠᠴᠠ ᠡᠬᠢᠯᠡᠨ ᠬᠤᠯᠠ ᠶᠢᠨ ᠵᠣᠴᠢᠨ ᠡᠯᠵᠢᠭᠡᠨ ᠲᠡᠷᠭᠡ ᠪᠤᠶᠤ ᠤᠨᠤᠭ᠎ᠠ ᠭᠦᠯᠦᠭ ᠲᠠᠢ ᠬᠤᠨᠣᠭᠤᠲᠠ ᠥᠨᠵᠢᠭᠦᠲᠡ ᠪᠠᠷ ᠢᠷᠡᠵᠡᠭᠡᠳᠡᠭ᠃ ᠡᠵᠢ ᠭᠡᠷ ᠲᠤ ᠵᠣᠴᠢᠨ ᠳᠤ ᠪᠤᠳᠠᠭ᠎ᠠ ᠵᠠᠭᠤᠰᠢ ᠪᠡᠯᠡᠳᠦᠭᠡᠳ ᠶᠠᠭᠠᠷᠠᠬᠤ ᠳᠤ ᠪᠢᠳᠡ ᠴᠤ ᠡᠯᠵᠢᠭᠡ ᠮᠣᠷᠢ ᠶᠢ ᠨᠢ ᠡᠪᠡᠰᠦᠯᠡᠨ᠎ᠡ ᠤᠰᠤᠯᠠᠨ᠎ᠠ ᠭᠡᠵᠦ ᠭᠠᠳᠠᠭ᠎ᠠ ᠳᠡᠪᠵᠢᠶᠡᠷᠡᠨ ᠭᠠᠷ ᠬᠥᠯ ᠪᠡᠭᠡᠷᠡᠵᠦ ᠪᠠᠶᠢᠪᠠᠴᠤ ᠪᠠᠶᠠᠷ  ᠲᠠᠢ ᠨᠢ ᠠᠷᠭ᠎ᠠ ᠦᠭᠡᠢ ᠭᠦᠶᠦᠯᠳᠦᠨ᠎ᠡ᠃ ᠪᠢᠳᠡ ᠶᠡᠷᠦᠳᠡᠭᠡᠨ ᠰᠢᠨ᠎ᠡ ᠶᠢᠨ ᠬᠡᠳᠦᠨ ᠳᠤ ᠵᠣᠴᠢᠨ ᠳᠠᠶᠢᠯᠠᠵᠤ᠂ ᠠᠷᠪᠠᠳ ᠪᠣᠯᠵᠤ ᠵᠣᠴᠢᠨ ᠭᠡᠶᠢᠴᠢᠨ ᠴᠥᠭᠡᠷᠡᠭᠰᠡᠨ ᠤ ᠲᠠᠷᠠᠭ᠎ᠠ ᠰᠠᠶ᠋ᠢ ᠠᠪᠤ ᠡᠵᠢ ᠪᠢᠳᠡ ᠡᠭᠡᠴᠢ ᠳᠡᠭᠦᠦ ᠲᠠᠪᠤᠭᠤᠯᠠ ᠶᠢ ᠬᠤᠶᠠᠷ ᠵᠠᠮ ᠬᠤᠪᠢᠶᠠᠨ᠂ ᠥᠭᠡᠳᠡᠰᠦ ᠪᠠᠷ ᠵᠦᠢᠵᠦ ᠣᠶᠣᠭᠰᠠᠨ ᠪᠥᠰ ᠪᠣᠭᠴᠣᠨ ᠳᠠᠭᠠᠨ ᠯᠣᠩᠬᠤ  ᠲᠠᠢ ᠰᠤᠯᠠ ᠠᠷᠢᠬᠢ᠂ ᠠᠷᠵᠠᠭᠠᠷ ᠴᠠᠭᠠᠰᠤᠨ ᠪᠠᠭᠯᠠᠭ᠎ᠠ ᠲᠠᠢ ᠳᠥᠷᠪᠡᠯᠵᠢᠨ ᠪᠣᠣᠪᠤ ᠰᠠᠪᠠᠯᠠᠵᠤ ᠳᠡᠭᠦᠵᠢᠯᠡᠭᠦᠯᠦᠨ ᠶᠠᠩᠰᠢᠪ ᠤᠨ ᠠᠶᠢᠯ ᠤᠨ ᠮᠦᠳᠠᠨ ᠡᠮᠡᠭᠡ ᠶᠢᠨ ᠳᠤ ᠶᠠᠪᠤᠭᠤᠯᠬᠤ ᠪᠤᠶᠤ ᠳ᠋ᠦᠡᠭᠰᠢᠭᠤᠷ ᠪᠠᠷᠢᠭᠠᠳᠠ ᠶᠢᠨ ᠥᠷᠥᠮ᠎ᠡ ᠨᠠᠭᠠᠴᠤ ᠠᠪᠤ ᠶᠢᠨ ᠳᠤ ᠠᠶᠢᠯᠴᠢᠯᠠᠭᠤᠯᠬᠤ ᠳᠤᠨᠢ ᠭᠤᠴᠢᠨ ᠭᠠᠵᠠᠷ ᠤᠨ ᠵᠠᠮ ᠢ ᠭᠦᠶᠦᠭᠡ ᠪᠠᠷ ᠶᠠᠪᠤᠬᠤ ᠳᠠᠭᠠᠨ ᠪᠢᠳᠡ ᠰᠤᠷᠤᠬᠰᠠᠨ ᠮᠡᠳᠡᠭᠰᠡᠨ ᠬᠡᠳᠦᠨ ᠳᠠᠭᠤᠤ ᠪᠠᠨ ᠰᠣᠯᠣᠭᠠᠢ ᠬᠠᠵᠠᠭᠠᠢ ᠠᠶᠠᠯᠠᠭᠤᠯᠵᠤ᠂ ᠭᠦᠷ ᠬᠥᠭᠵᠢᠶᠡᠨ ᠲᠠᠢ ᠴᠠᠭᠠᠨ ᠰᠠᠷ᠎ᠠ ᠶᠢᠨ ᠪᠠᠶᠠᠷ ᠢᠶᠠᠨ ᠬᠥᠳᠡᠭᠡ ᠬᠡᠭᠡᠷ᠎ᠡ ᠶᠢᠨ ᠬᠥᠷᠥᠰᠥ ᠰᠢᠷᠣᠢ᠂ ᠬᠥᠲᠥᠯ ᠳᠣᠪᠣᠴᠠᠭ᠂ ᠬᠥᠨᠳᠡᠢ ᠵᠢᠯᠠᠭ᠎ᠠ ᠲᠠᠢ ᠪᠠᠨ ᠬᠤᠪᠢᠶᠠᠯᠴᠠᠳᠠᠭ ᠪᠠᠶᠢᠭᠰᠠᠨ᠃ ᠵᠠ ᠢᠩᠭᠢᠵᠦ ᠬᠦᠰᠡᠵᠦ ᠬᠦᠯᠢᠶᠡᠵᠦ ᠪᠠᠶᠢᠭᠰᠠᠨ ᠰᠢᠨ᠎ᠡ ᠵᠢᠯ  ᠴᠠᠭᠠᠨ ᠰᠠᠷ᠎ᠠ ᠶᠢᠨ ᠠᠷᠪᠠᠨ ᠲᠠᠪᠤᠨ ᠭᠦᠷᠦᠭᠡᠳ ᠥᠨᠳᠥᠷᠯᠡᠬᠦ ᠳᠥᠬᠦᠬᠦ ᠳᠤ ᠶᠠᠮᠠᠷ ᠶᠠᠭᠤᠮ᠎ᠠ ᠪᠠᠨ ᠭᠡᠭᠡᠴᠢᠭᠡᠭᠰᠡᠨ ᠰᠢᠭ ᠳᠣᠲᠣᠷ᠎ᠠ ᠨᠢᠭᠡᠯᠡ ᠬᠤᠭᠤᠰᠤᠷᠠᠵᠤ ᠣᠴᠢᠬᠤ ᠪᠤᠯᠪᠠᠴᠤ᠂ ᠤᠳᠠᠯ ᠦᠭᠡᠢ ᠰᠤᠷᠭᠠᠭᠤᠯᠢ ᠡᠬᠢᠯᠡᠬᠦ ᠵᠢᠴᠢ ᠠᠶᠢᠯ ᠠᠶᠢᠮᠠᠭ ᠤᠨ ᠬᠢᠨ ᠬᠠᠪᠤᠷ ᠤᠨ ᠲᠠᠷᠢᠶᠠᠯᠠᠭ᠎ᠠ ᠶᠢᠨ ᠪᠡᠯᠡᠳᠬᠡᠯ ᠠᠵᠢᠯ ᠢᠶᠠᠨ ᠭᠠᠷᠳᠠᠳᠠᠬ ᠪᠣᠯᠬᠤᠷ ᠠᠮᠢᠳᠤᠷᠠᠯ ᠰᠤᠷᠤᠯᠭ᠎ᠠ ᠮᠥᠨ ᠯᠡ ᠤᠤᠯ ᠬᠡᠪ ᠲᠡᠭᠡᠨ ᠣᠷᠣᠬᠤ ᠪᠠᠷ ᠪᠡᠯᠡᠬᠡᠨ ᠪᠣᠯᠵᠤ᠂ ᠠᠯᠢ ᠪᠦᠬᠦᠢ ᠬᠦᠰᠡᠯ ᠬᠦᠯᠢᠶᠡᠯᠲᠡ ᠪᠠᠨ ᠲᠠᠷᠠᠭᠠᠴᠢ  ᠶᠢᠨ ᠴᠠᠭᠠᠨ ᠰᠠᠷ᠎ᠠ ᠳᠠᠭᠠᠨ ᠨᠠᠶᠢᠳᠠᠳᠠᠭ ᠪᠢᠯᠡ᠃      ᠨᠢᠭᠡ ᠨᠢᠭᠡ ᠴᠠᠭᠠᠨ ᠰᠠᠷ᠎ᠠ ᠢᠩᠭᠢᠵᠦ ᠬᠦᠰᠡᠯ ᠬᠦᠯᠢᠶᠡᠯᠲᠡ ᠪᠠ ᠪᠠᠶᠠᠷ ᠳᠣᠭᠳᠣᠯᠤᠯ ᠤᠨ ᠳᠤᠮᠳᠠ ᠢᠷᠡᠵᠤ ᠪᠤᠴᠠᠬᠤ ᠳᠤ ᠣᠨ ᠰᠠᠷ᠎ᠠ ᠣᠷᠴᠢᠵᠤ ᠨᠠᠰᠤ ᠵᠢᠯ ᠴᠤ ᠨᠡᠮᠡᠭᠳᠡᠭᠡᠳ ᠤᠳᠤ ᠨᠡᠩ ᠴᠤ ᠡᠳᠦᠷ ᠪᠣᠯᠭᠠᠨ ᠰᠢᠨᠡᠯᠡᠵᠦ ᠴᠠᠭᠠᠯᠠᠵᠤ᠂ ᠪᠤᠳᠤᠵᠤ ᠰᠡᠳᠬᠢᠭᠰᠡᠨ ᠠᠴᠠ ᠪᠠᠷ᠎ᠠ ᠦᠭᠡᠢ ᠳᠡᠭᠡᠭᠦᠷ ᠠᠮᠢᠳᠤᠷᠠᠯ ᠢ ᠡᠳ᠋ᠯᠡᠬᠦ ᠪᠣᠯᠤᠭᠰᠠᠨ  ᠢᠶᠠᠷ ᠬᠥᠮᠥᠰ ᠤᠨ ᠰᠢᠨᠡᠯᠡᠬᠦ ᠲᠤᠬᠠᠢ ᠣᠶᠢᠯᠠᠭᠠᠯᠲᠠ ᠲᠥᠷᠥᠭᠳᠡᠯ ᠴᠤ ᠤᠯᠠᠮ ᠢᠶᠠᠷ ᠨᠢᠮᠭᠡᠷᠡᠵᠦ᠂ ᠨᠡᠩ ᠴᠤ ᠬᠤᠳᠠ ᠭᠠᠵᠠᠷ ᠡᠭᠦᠳᠡ ᠬᠠᠭᠠᠯᠭ᠎ᠠ ᠪᠠᠨ ᠲᠠᠬ ᠲᠦᠭᠵᠢᠭᠡᠳ ᠣᠷᠣᠵᠤ ᠭᠠᠷᠬᠤ ᠬᠥᠮᠥᠨ ᠴᠤ ᠴᠥᠭᠡᠷᠡᠪᠡ᠃ ᠴᠠᠭ ᠬᠥᠭᠵᠢᠵᠦ ᠨᠡᠶᠢᠭᠡᠮ ᠤᠷᠤᠭᠰᠢᠯᠠᠵᠤ ᠠᠮᠢᠳᠤᠷᠠᠯ ᠰᠠᠶᠢᠵᠢᠷᠠᠨ᠂ ᠠᠯᠠᠭᠠᠨ ᠳᠡᠭᠡᠷᠡᠬᠢ ᠭᠠᠷ ᠤᠲᠠᠰᠤ  ᠪᠠᠷ ᠢᠶᠠᠨ ᠠᠯᠢ ᠪᠦᠬᠦᠢ ᠶᠢ ᠪᠡᠶᠡᠯᠡᠭᠦᠯᠬᠦ ᠪᠣᠯᠤᠭᠰᠠᠨ ᠶᠤᠮ ᠴᠢᠨᠢ ᠶᠠᠭᠠᠬᠢᠨ᠎ᠠ ᠳ᠋ᠠ᠃ ᠭᠡᠪᠡᠴᠦ ᠪᠠᠭ᠎ᠠ ᠶᠢᠨ ᠦᠶ᠎ᠡ ᠶᠢᠨ ᠲᠡᠶᠢᠮᠦᠷᠬᠦᠦ ᠴᠠᠭᠠᠨ ᠰᠠᠷ᠎ᠠ ᠶᠢᠨ ᠡᠶᠡᠯᠰᠡᠭ ᠳᠣᠲᠣᠨᠣ ᠠᠭᠤᠷ ᠠᠮᠢᠰᠬᠤᠯ᠂ ᠡᠯᠢᠭᠡᠨ ᠰᠠᠳᠤᠨ ᠤ ᠬᠠᠶᠢᠷ᠎ᠠ᠂ ᠦᠶ᠎ᠡ ᠶᠢᠨ ᠨᠥᠬᠦᠳ ᠤᠨ ᠳᠠᠰᠤᠯᠴᠠᠯ᠂ ᠠᠶᠢᠯ ᠤᠯᠠᠨ ᠤ ᠶᠠᠪᠤᠯᠴᠠᠭ᠎ᠠ᠂ ᠭᠦᠨ ᠵᠤᠵᠠᠭᠠᠨ ᠪᠥᠭᠡᠳ ᠬᠡᠨ ᠠᠯᠢᠨ ᠢ ᠴᠤ ᠨᠥᠯᠥᠭᠡᠯᠡᠵᠦ ᠪᠠᠶᠠᠷᠯᠠᠭᠤᠯᠳᠠᠭ ᠨᠤᠲᠤᠭ ᠤᠰᠤᠨ ᠬᠥᠷᠰᠢ ᠰᠠᠭᠠᠬᠠᠯᠲᠠ ᠶᠢᠨ ᠴᠡᠪᠡᠷ ᠠᠷᠢᠭᠤᠨ ᠨᠠᠶᠢᠷ ᠰᠡᠳᠬᠢᠯᠭᠡ ᠪᠣᠯᠣᠨ ᠤᠯᠠᠮᠵᠢᠯᠠᠯᠲᠤ ᠰᠣᠶᠣᠯ ᠤᠨ ᠦᠵᠡᠭᠳᠡᠯ ᠠᠬᠤᠢ ᠨᠢ ᠤᠭᠤᠷᠠᠭ ᠲᠠᠷᠢᠬᠢᠨ ᠳᠤ ᠬᠠᠳᠠᠩᠰᠢᠵᠤ᠂ ᠤᠯᠠᠭᠠᠨ ᠴᠢᠰᠤᠨ ᠳᠤ ᠯᠤᠭᠰᠢᠭᠠᠳ ᠬᠡᠵᠢᠶᠡᠳᠡ ᠶᠢᠨ ᠰᠠᠶᠢᠬᠠᠨ ᠳᠤᠷᠠᠳᠬᠠᠯ ᠪᠣᠯᠵᠤ᠂ ᠪᠤᠯᠳᠠᠬ ᠰᠠᠨ ᠪᠣᠯ ᠪᠠᠭ᠎ᠠ ᠨᠠᠰᠤᠨ ᠤ ᠴᠠᠭᠠᠨ ᠰᠠᠷ᠎ᠠ ᠳᠠᠭᠠᠨ ᠪᠤᠴᠠᠵᠤ ᠬᠠᠷᠢᠬᠤ ᠶᠤᠮ ᠰᠠᠨ ᠭᠡᠵᠦ ᠨᠠᠳᠠᠳᠤ ᠪᠤᠳᠤᠬᠳᠠᠭᠠᠳ ᠯᠠ ᠪᠠᠶᠢᠨ᠎ᠠ᠃ 
ᠢᠷᠡᠯᠲᠡ᠄ ᠲᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ​