ᠴᠡᠴᠡᠭ ᠬᠦᠷᠭᠡᠬᠦ ᠶᠢᠨ ᠤᠴᠢᠷ
ᠨᠡᠶᠢᠲᠡᠯᠡᠭᠰᠡᠨ ᠴᠠᠭ᠄
2024/10/28
     ᠬᠤᠩᠭᠤᠷᠵᠤᠯᠠ - ᠡᠷᠡᠭᠲᠡᠢ ᠬᠥᠮᠥᠨ ᠳᠤ ᠪᠡᠯᠡᠭᠯᠡᠬᠦ ᠳᠤ ᠲᠣᠬᠢᠷᠠᠮᠵᠢᠲᠠᠢ᠃     ᠠᠷᠰᠢ ᠶᠢᠨ ᠠᠯᠠᠭ᠎ᠠ - ᠬᠥᠮᠥᠨ ᠳᠤ ᠪᠡᠯᠡᠭᠯᠡᠳᠡᠭ ᠦᠭᠡᠢ᠃     ᠵᠢᠭᠠᠷ ᠡᠪᠡᠰᠦ - ᠨᠠᠶᠢᠵᠠ ᠪᠦᠰᠡᠭᠦᠢ ᠳᠡᠭᠡᠨ ᠪᠡᠯᠡᠭᠯᠡᠬᠦ ᠳᠤ ᠲᠣᠬᠢᠷᠠᠮᠵᠢᠲᠠᠢ᠂ ᠠᠩᠬᠠᠨ ᠤ ᠪᠣᠯᠵᠣᠭᠠᠨ ᠳᠤ ᠪᠠᠷᠢᠬᠤ ᠴᠡᠴᠡᠭ᠃ᠤᠳᠪᠠᠯᠠ - ᠬᠦᠨᠳᠦᠳᠬᠡᠯ ᠢ ᠢᠯᠡᠷᠬᠡᠶᠢᠯᠡᠳᠡᠭ᠂ ᠠᠯᠪᠠᠨ ᠵᠣᠷᠢᠭᠤᠯᠤᠯᠲᠠ ᠲᠠᠢ᠃     ᠭᠤᠣᠯᠲᠤ ᠪᠣᠷᠣ ᠶᠢᠨ ᠴᠡᠴᠡᠭ - ᠠᠩᠬᠠᠨ ᠤ ᠤᠴᠠᠷᠠᠯ ᠳᠤ ᠪᠡᠯᠡᠭᠯᠡᠪᠡᠯ ᠲᠤᠩ ᠲᠣᠬᠢᠷᠠᠮᠵᠢᠲᠠᠢ᠂ ᠭᠬᠢᠷ ᠦᠭᠡᠢ ᠠᠷᠢᠭᠤᠨ ᠰᠡᠳᠬᠢᠯ ᠤᠨ ᠪᠡᠯᠭᠡᠳᠡᠯ ᠪᠤᠯᠳᠠᠭ᠃     ᠰᠠᠷᠠᠨᠠᠢ ᠴᠡᠴᠡᠭ - ᠬᠦᠨᠳᠦᠳᠬᠡᠯ ᠤᠨ ᠴᠡᠴᠡᠭ᠂ ᠱᠠᠩᠨᠠᠯ ᠠᠪᠤᠭᠰᠠᠨ ᠬᠥᠮᠥᠨ ᠳᠤ ᠬᠠᠰ ᠬᠠᠳᠬᠤᠭᠤᠷ ᠴᠡᠴᠡᠭ ᠲᠠᠢ ᠬᠠᠮᠲᠤ ᠪᠠᠭᠯᠠᠵᠤ ᠦᠭᠳᠡᠭ᠃     ᠰᠢᠷ᠎ᠠ ᠰᠠᠷᠭᠠᠢ - ᠤᠶᠤᠨ ᠤᠬᠠᠭᠠᠨ ᠢ ᠢᠯᠡᠷᠬᠡᠶᠢᠯᠡᠳᠡᠭ᠃ ᠪᠠᠭᠰᠢ ᠳᠠᠭᠠᠨ ᠥᠭᠬᠦ ᠳᠤ ᠬᠡᠷᠡᠭᠯᠡᠳᠡᠭ᠂ ᠰᠢᠷ᠎ᠠ ᠰᠠᠷᠭᠠᠢ ᠶᠢ ᠬᠠᠶᠢᠷᠠᠲᠠᠢ ᠪᠦᠰᠡᠭᠦᠢ ᠳᠡᠭᠡᠨ ᠦᠭᠳᠡᠭ ᠦᠭᠡᠢ᠂ ᠤᠴᠢᠷ ᠨᠢ ᠰᠠᠯᠵᠤ ᠬᠠᠭᠠᠴᠠᠬᠤ ᠤᠴᠢᠷ ᠲᠠᠢ᠃     ᠤᠯᠠᠭᠠᠨ ᠰᠠᠷᠭᠠᠢ - ᠨᠢᠭᠡ ᠰᠢᠷᠬᠡᠭ ᠨᠢ ᠬᠠᠶᠢᠷ᠎ᠠ ᠰᠡᠳᠬᠢᠯ ᠤᠨ ᠪᠡᠯᠭᠡ ᠲᠡᠮᠳᠡᠭ᠂ ᠬᠠᠷᠢᠨ ᠣᠯᠠᠨ ᠰᠢᠷᠬᠡᠭ ᠢ ᠪᠡᠯᠡᠭᠯᠡᠬᠦ ᠨᠢ ᠬᠦᠨᠳᠦᠳᠬᠡᠯ ᠤᠨ ᠢᠯᠡᠷᠡᠯ᠂ ᠭᠤᠷᠪᠠᠨ ᠤᠯᠠᠭᠠᠨ ᠰᠠᠷᠭᠠᠢ ᠨᠢ ᠬᠠᠶᠢᠷ᠎ᠠ ᠬᠦᠨᠳᠦᠳᠬᠡᠯ᠂ ᠮᠥᠩᠬᠡ ᠶᠢᠨ ᠵᠠᠯᠠᠭᠤ ᠨᠠᠰᠤ ᠶᠢ ᠪᠡᠯᠭᠡᠳᠡᠳᠡᠭ᠃     ᠴᠠᠭᠠᠨ ᠰᠠᠷᠭᠠᠢ - ᠡᠷᠡᠭᠦᠯ ᠮᠡᠨᠳᠦ ᠶᠢ ᠪᠡᠯᠭᠡᠳᠡᠳᠡᠭ᠃ ᠮᠥᠨ ᠬᠤᠷᠢᠮ ᠳᠤ ᠶᠠᠭᠠᠨ ᠰᠠᠷᠭᠠᠢ ᠲᠠᠢ ᠬᠠᠮᠲᠤ ᠬᠡᠷᠡᠭᠯᠡᠳᠡᠭ᠂ ᠲᠠᠩ ᠢᠶᠠᠷ ᠴᠦ ᠪᠠᠶᠢᠵᠤ ᠪᠣᠯᠣᠨ᠎ᠠ᠃     ᠬᠡᠯᠡᠭᠡᠢ ᠰᠠᠷᠠᠨ᠎ᠠ - ᠡᠶ᠎ᠡ ᠡᠪ ᠲᠠᠢ᠂ ᠵᠣᠯ ᠵᠢᠷᠭᠠᠯ ᠲᠠᠢ ᠭᠡᠷ ᠪᠦᠯᠢ ᠶᠢ ᠲᠥᠯᠥᠭᠡᠯᠡᠳᠡᠭ ᠤᠴᠢᠷ ᠠᠴᠠ ᠬᠤᠷᠢᠮ ᠤᠨ ᠰᠢᠨ᠎ᠡ ᠬᠤᠣᠰ ᠲᠤ ᠬᠦᠷᠭᠡᠬᠦ ᠳᠤ ᠮᠠᠰᠢ ᠲᠣᠬᠢᠷᠠᠮᠵᠢᠲᠠᠢ᠃     ᠠᠯᠲᠠᠨ ᠵᠤᠯᠠ ᠴᠡᠴᠡᠭ - ᠲᠥᠪ ᠶᠡᠬᠡᠮᠰᠦᠭ᠂ ᠥᠷᠥᠰᠢᠶᠡᠯ ᠡᠨᠡᠷᠢᠯ᠂ ᠨᠡᠷ᠎ᠡ ᠬᠦᠨᠳᠦ᠂ ᠥᠨᠢ ᠡᠭᠦᠷᠢᠳᠡ ᠵᠡᠷᠭᠡ ᠶᠢ ᠲᠥᠯᠥᠭᠡᠯᠡᠵᠦ᠂ ᠠᠮᠵᠢᠯᠲᠠ ᠶᠢ ᠪᠡᠯᠭᠡᠯᠡᠵᠦ ᠬᠦᠷᠭᠡᠬᠦ ᠳᠤ ᠲᠣᠬᠢᠷᠠᠮᠵᠢᠲᠠᠢ᠃     ᠬᠡᠯᠲᠡᠭᠡᠢ ᠴᠡᠴᠡᠭ - ᠰᠡᠳᠬᠢᠯ ᠳᠤ ᠬᠥᠰᠢᠭᠡᠯᠡᠭᠰᠡᠨ ᠭᠤᠨᠢᠭ ᠵᠣᠪᠠᠯ ᠢᠶᠠᠨ ᠮᠠᠷᠲᠠᠵᠤ᠂ ᠰᠢᠨ᠎ᠡ ᠠᠮᠢᠳᠤᠷᠠᠯ ᠢᠶᠠᠨ ᠡᠬᠢᠯᠡᠭᠦᠯᠬᠦ ᠤᠳᠬ᠎ᠠ ᠶᠢ ᠢᠯᠡᠳᠬᠡᠨ᠎ᠡ᠃     ᠲᠡᠷᠢᠭᠦᠯᠡᠭᠴᠢ ᠴᠡᠴᠡᠭ - ᠴᠡᠪᠡᠷ ᠠᠷᠢᠭᠤᠨ᠂ ᠡᠷᠡᠰ ᠵᠣᠷᠢᠭ ᠢ ᠢᠯᠡᠳᠬᠡᠵᠦ᠂ ᠠᠬᠠᠮᠠᠳ ᠲᠣᠮᠣᠭᠠᠲᠠᠳ ᠲᠤ ᠬᠦᠷᠭᠡᠬᠦ ᠳᠤ ᠲᠣᠬᠢᠷᠠᠮᠵᠢᠲᠠᠢ᠃     ᠴᠠᠩᠬᠤᠢ ᠴᠡᠴᠡᠭ - ᠵᠣᠷᠢᠭ ᠲᠠᠢ ᠪᠠᠢ᠂ ᠴᠢᠩᠭᠠᠯᠠᠭᠠᠷᠠᠢ ᠭᠡᠬᠦ ᠤᠳᠬ᠎ᠠ ᠲᠠᠢ᠂ ᠡᠪᠡᠳᠴᠢᠲᠡᠨ ᠳᠤ ᠬᠦᠷᠭᠡᠬᠦ ᠳᠤ ᠲᠣᠬᠢᠷᠠᠮᠵᠢᠲᠠᠢ᠃     ᠮᠠᠨᠳᠠᠷᠠᠸ᠎ᠠ ᠴᠡᠴᠡᠭ - ᠪᠠᠶᠠᠨ ᠡᠷᠬᠢᠮᠰᠦᠭ ᠤᠨ ᠪᠡᠯᠭᠡᠳᠡᠯ ᠪᠤᠯᠳᠠᠭ ᠴᠦ ᠬᠥᠮᠥᠨ ᠳᠤ ᠪᠡᠯᠡᠭᠯᠡᠬᠦ ᠳᠤ ᠲᠣᠬᠢᠷᠠᠮᠵᠢ ᠦᠭᠡᠢ᠂ ᠬᠠᠷᠢᠨ ᠠᠵᠢᠯ ᠦᠢᠯᠡᠰ ᠡᠷᠭᠢᠯᠡᠵᠦ ᠡᠭᠦᠳᠡ ᠡᠷᠦᠭᠡ ᠰᠡᠬᠦᠭᠰᠡᠨ ᠥᠯᠵᠡᠶᠢᠲᠦ ᠪᠠᠶᠠᠷ ᠢ ᠪᠡᠯᠭᠡᠯᠡᠬᠦ ᠳᠤ ᠲᠣᠬᠢᠷᠠᠨ᠎ᠠ᠃
ᠢᠷᠡᠯᠲᠡ᠄ ᠲᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ