ᠬᠦᠭᠡ ᠯᠤᠤ ᠵᠢᠯ ᠤᠨ ᠮᠠᠭᠳᠠᠭᠠᠯ
ᠨᠡᠶᠢᠲᠡᠯᠡᠭᠰᠡᠨ ᠴᠠᠭ᠄
2024/10/28
       ᠬᠦᠨᠳᠦᠲᠦ ᠦᠵᠡᠭᠴᠢ ᠰᠣᠨᠣᠰᠤᠭᠴᠢᠳ ᠡ︕ ᠬᠦᠭᠡ ᠯᠤᠤ ᠵᠢᠯ ᠤᠨ ᠴᠠᠭᠠᠨ ᠰᠠᠷ᠎ᠠ ᠶᠢᠨ ᠦᠯᠵᠡᠢ ᠪᠡᠯᠭᠡ ᠣᠷᠣᠰᠢᠭᠰᠠᠨ᠂ ᠦᠯᠡᠮᠵᠢ ᠶᠢᠨ  ᠢᠷᠦᠭᠡᠯ ᠬᠠᠶᠢᠷᠠᠯᠠᠭᠰᠠᠨ᠂  ᠥᠷᠭᠡᠨ ᠲᠦᠮᠡᠨ ᠪᠠᠶᠠᠰᠤᠯᠴᠠᠭᠰᠠᠨ᠂   ᠥᠨᠢᠷ ᠬᠥᠭᠵᠢᠯ ᠤᠨ ᠳᠠᠭᠤᠤ ᠬᠠᠨᠭ᠍ᠬᠢᠨᠠᠭᠰᠠᠨ ᠪᠠᠶᠠᠷᠲᠦ ᠴᠠᠭ ᠮᠦᠴᠡ ᠦᠷᠭᠦᠯᠵᠢᠯᠡᠭᠰᠡᠭᠡᠷ ᠪᠠᠶᠢᠨ᠎ᠠ᠃ ᠡᠨᠡ ᠰᠠᠶᠢᠬᠠᠨ ᠪᠠᠶᠠᠷᠲᠦ ᠴᠠᠭ ᠮᠦᠴᠡ ᠳᠤ   ᠥᠪᠤᠷ ᠮᠤᠩᠭᠤᠯ ᠤᠨ ᠥᠪᠡᠷᠳᠡᠭᠡᠨ ᠵᠠᠰᠠᠬᠤ ᠤᠷᠤᠨ ᠤ ᠲᠦᠡᠭᠯᠢᠶᠤᠤ ᠬᠤᠲᠠ ᠶᠢᠨ ᠵᠠᠷᠤᠳ  ᠬᠤᠰᠢᠭᠤ  ᠳᠤ ᠨᠤᠳᠤᠭᠲᠠᠢ᠂ ᠵᠦᠷᠬᠢᠳ ᠣᠪᠣᠭ ᠤᠨ ᠰᠠᠷᠠᠨᠴᠤᠭᠲᠦ ︽ᠬᠦᠭᠡ ᠯᠤᠤ ᠵᠢᠯ ᠤᠨ ᠮᠠᠭᠳᠠᠭᠠᠯ ︾ ᠭᠡᠬᠦ ᠬᠤᠯᠪᠤᠭ᠎ᠠ ᠶᠢ ᠵᠣᠬᠢᠶᠠᠵᠤ ᠲᠠ ᠪᠦᠬᠦᠨ ᠳᠤ ᠪᠠᠷᠢᠵᠤ ᠪᠠᠶᠢᠨ᠎ᠠ᠃            ︽ᠬᠦᠭᠡ ᠯᠤᠤ ᠵᠢᠯ ᠤᠨ ᠮᠠᠭᠳᠠᠭᠠᠯ ︾  ᠬᠤᠯᠪᠤᠭ᠎ᠠ ᠳᠤ ᠠᠭᠤᠤ ᠨᠠᠮ ᠤᠨ ᠬᠤᠷᠢᠳᠤᠭᠠᠷ ᠶᠡᠭᠡ ᠬᠤᠷᠠᠯ ᠤᠨ ᠵᠤᠷᠢᠭ ᠰᠠᠨᠠᠭ᠎ᠠ ᠲᠤᠤᠱᠯᠠᠭᠳᠠᠨ᠂ ᠠᠷᠠᠳ ᠮᠠᠯᠴᠢᠳ ᠤᠨ ᠠᠮᠢᠳᠤᠷᠠᠯ  ᠥᠭᠡᠳᠡᠯᠡᠵᠦ᠂  ᠠᠮᠢᠳᠤᠷᠠᠵᠤ ᠰᠠᠭᠤᠭᠰᠠᠨ ᠨᠤᠳᠤᠭ  ᠤᠰᠤᠨ ᠤ ᠠᠮᠢ ᠠᠬᠤᠢ ᠰᠠᠶᠢᠵᠢᠷᠠᠨ᠂ ᠠᠮᠤᠷ  ᠠᠮᠤᠭᠤᠯᠠᠩ ᠪᠣᠯᠬᠤ ᠶᠢ ᠵᠥᠩᠨᠡᠬᠦ  ᠶᠢᠨ ᠳᠠᠭᠠᠤ ᠳᠤ  ᠬᠦᠭᠡ ᠯᠤᠤ ᠵᠢᠯ ᠳᠤ ᠪᠠᠨ ᠦᠵᠡᠭᠴᠢ ᠰᠣᠨᠣᠰᠤᠭᠴᠢ ᠲᠦᠮᠡᠨ ᠮᠠᠨᠢ  ᠭᠠᠷᠤᠭᠠᠳ ᠶᠠᠪᠤᠪᠠᠯ ᠭᠠᠨᠵᠤᠭ᠎ᠠ ᠲᠦᠭᠦᠷᠡᠩ᠂ ᠤᠷᠤᠭᠠᠳ ᠢᠷᠡᠪᠡᠯ ᠤᠯᠵᠠ ᠠᠷᠪᠢᠨ᠂ ᠬᠡᠶᠢᠮᠦᠷᠢ ᠰᠦᠯᠳᠡ ᠨᠢ ᠳᠡᠭᠳᠡᠵᠦ᠂ ᠬᠡᠰᠢᠭ  ᠪᠤᠶᠠᠨ  ᠨᠢ ᠳᠡᠯᠭᠡᠷᠡᠵᠦ᠂  ᠮᠠᠩᠨᠠᠢ ᠲᠡᠨᠢᠭᠦᠨ ᠮᠠᠰᠢ ᠵᠢᠷᠭᠠᠯᠲᠠᠢ ᠪᠠᠶᠢᠬᠤ ᠶᠢ ᠬᠦᠰᠡᠭᠰᠡᠨ ᠶᠤᠮ᠃        ᠪᠢᠴᠢᠯᠭᠡ ᠶᠢ ᠲᠦᠡᠭᠯᠢᠶᠤᠤ ᠬᠤᠲᠠ ᠶᠢᠨ ᠵᠠᠷᠤᠳ ᠬᠤᠰᠢᠭᠤᠨ  ᠤ ᠬᠠᠮ ᠵᠠᠭᠤᠴᠢᠯᠠᠭᠤᠷ ᠤᠨ ᠲᠦᠪ ᠤᠨ ᠰᠡᠩᠭᠡ᠂ ᠳᠠᠷᠬᠠᠨ ᠰᠢᠩᠭᠡᠭᠡᠨ   ᠦᠢᠯᠡᠳᠪᠡ᠃         ᠬᠦᠭᠡ ᠯᠤᠤ ᠵᠢᠯ ᠤᠨ ᠮᠠᠭᠳᠠᠭᠠᠯ                ᠵᠦᠷᠬᠢᠳ᠂ ᠰᠠᠷᠠᠨᠴᠤᠭᠳᠤ ᠵᠤᠬᠢᠶᠠᠨ ᠬᠡᠯᠡᠪᠡ ᠬᠦᠨᠳᠡᠢ ᠲᠤᠮᠪᠤᠳᠤ ᠬᠤᠭᠤᠷ ᠮᠢᠨᠢ ᠬᠦᠭ ᠨᠢ ᠲᠠᠭᠠᠷᠠᠭᠠᠳ ᠬᠠᠩᠬᠢᠨᠠᠯ᠎ᠠ ᠬᠦᠰᠡᠯ ᠪᠢᠯᠬᠠᠭᠰᠠᠨ ᠯᠤᠤ ᠵᠢᠯ ᠢᠶᠠᠨ ᠬᠤᠳᠠᠯᠠ ᠤᠯᠠᠨ ᠢᠶᠠᠷ ᠢᠶᠠᠨ ᠪᠡᠯᠬᠡᠯᠡᠶ᠎ᠡ    ᠦᠯᠢᠭᠡᠷ ᠤᠨ ᠠᠶ᠎ᠠ ᠲᠠᠢ ᠬᠤᠭᠤᠷ ᠮᠢᠨᠢ    ᠦᠩᠭᠡ ᠨᠢ ᠲᠠᠭᠠᠷᠠᠭᠠᠳ ᠬᠦᠩᠭᠢᠨᠡᠯ᠎ᠡ    ᠦᠯᠵᠡᠢ ᠪᠡᠯᠬᠡᠳᠦ ᠯᠤᠤ ᠵᠢᠯ ᠢᠶᠠᠨ    ᠦᠷᠭᠡᠨ ᠲᠦᠮᠡᠨ ᠢᠶᠠᠷ ᠢᠶᠠᠨ ᠤᠭᠳᠤᠶ᠎ᠠ ᠠᠯᠳᠠᠨ ᠨᠠᠷᠠᠨ ᠤ ᠡᠷᠬᠢᠯᠳᠡ ᠪᠠᠷ ᠠᠶᠠᠯᠠᠭᠠᠳ ᠢᠷᠡᠭᠰᠡᠨ ᠯᠤᠤ ᠵᠢᠯ ᠠᠷᠪᠠᠨ ᠬᠤᠶᠠᠷ ᠵᠢᠯ ᠤᠨ ᠡᠬᠡᠯᠵᠢᠯᠡᠯ ᠢᠶᠠᠷ ᠠᠬᠢᠯᠳᠠ ᠲᠠᠢ ᠢᠷᠡᠭᠰᠡᠨ ᠯᠤᠤ ᠵᠢᠯ     ᠨᠡᠶᠢᠳᠡ ᠶᠢᠨ ᠤᠨ ᠲᠤᠭᠠᠯᠠᠯ ᠢᠶᠠᠷ     ᠨᠡᠮᠡᠭᠳᠡᠯ ᠲᠠᠢ ᠢᠷᠡᠭᠰᠡᠨ ᠯᠤᠤ ᠵᠢᠯ     ᠨᠡᠶᠢᠭᠡᠮ ᠤᠨ ᠬᠦᠭᠵᠢᠯᠳᠡ ᠶᠢ ᠲᠠᠭᠠᠭᠠᠳ     ᠨᠢᠭᠳᠠᠷᠠᠯ ᠲᠠᠢ ᠰᠠᠭᠠᠳᠠᠭᠰᠠᠨ ᠯᠤᠤ ᠵᠢᠯ ᠠᠭᠤᠤ ᠨᠠᠮ ᠤᠨ ᠬᠤᠷᠢᠳᠤᠭᠠᠷ ᠶᠡᠭᠡ ᠬᠤᠷᠠᠯ ᠢ ᠲᠤᠤᠱᠯᠠᠭᠤᠯᠬᠤ ᠪᠠᠷ ᠢᠷᠡᠭᠰᠡᠨ ᠯᠤᠤ ᠵᠢᠯ ᠠᠬᠢᠬᠤ ᠵᠠᠭᠤᠨ ᠤ ᠲᠡᠮᠡᠴᠡᠭᠦ ᠬᠠᠷᠠᠯᠳᠠ ᠶᠢ ᠵᠢᠷᠤᠭᠯᠠᠭᠠᠳ ᠢᠷᠡᠭᠰᠡᠨ ᠯᠤᠤ ᠵᠢᠯ      ᠲᠤᠮᠳᠠᠳᠤ ᠶᠢᠨ ᠤᠨᠴᠠᠯᠢᠭᠳᠤ ᠨᠡᠶᠢᠭᠡᠮ ᠵᠢᠷᠦᠮ ᠢ      ᠪᠠᠷᠢᠮᠳᠠᠯᠠᠭᠠᠳ ᠢᠷᠡᠭᠰᠡᠨ ᠯᠤᠤ ᠵᠢᠯ      ᠲᠤᠮᠳᠠᠳᠤ ᠮᠠᠶ᠋ᠢᠭ ᠤᠨ ᠤᠳᠤᠬᠢᠴᠢᠯᠠᠯᠳᠠ ᠶᠢ      ᠪᠡᠶᠡᠯᠡᠭᠦᠯᠭᠦ ᠪᠠᠷ ᠢᠷᠡᠭᠰᠡᠨ ᠯᠤᠤ ᠵᠢᠯ ᠦᠬᠡᠷᠡᠴᠢᠯᠡᠯᠳᠡ ᠨᠡᠭᠡᠭᠡᠯᠳᠡ ᠶᠢᠨ ᠠᠮᠵᠢᠯᠳᠠ ᠶᠢ ᠦᠨᠡᠯᠡᠭᠡᠳ ᠢᠷᠡᠭᠰᠡᠨ ᠯᠤᠤ ᠵᠢᠯ ᠦᠷᠨᠢᠯ ᠬᠦᠭᠵᠢᠯ ᠤᠨ ᠲᠦᠯᠦᠪᠯᠡᠭᠡ ᠶᠢ ᠡᠭᠦᠷᠭᠡᠯᠡᠭᠡᠳ ᠢᠷᠡᠭᠰᠡᠨ ᠯᠤᠤ ᠵᠢᠯ     ᠠᠷᠠᠳ ᠴᠡᠷᠢᠭ ᠤᠨ ᠬᠠᠷᠢᠴᠠᠭ᠎ᠠ ᠶᠢ     ᠠᠬᠢᠭᠤᠯᠤᠭᠠᠳ ᠢᠷᠡᠭᠰᠡᠨ ᠯᠤᠤ ᠵᠢᠯ     ᠠᠯᠳᠠᠨ ᠲᠦᠷᠦ ᠶᠢᠨ ᠪᠠᠬᠢᠵᠢᠯᠳᠡ ᠶᠢ     ᠪᠠᠳᠤᠤᠡᠬᠠᠭᠠᠳ ᠢᠷᠡᠭᠰᠡᠨ ᠯᠤᠤ ᠵᠢᠯ ᠴᠢᠨᠡᠭᠡᠯᠢᠭ ᠨᠡᠶᠢᠭᠡᠮ ᠢ ᠬᠦᠭᠵᠢᠭᠦᠯᠭᠦ ᠪᠠᠷ ᠵᠢᠳᠭᠦᠭᠡᠳ ᠢᠷᠡᠭᠰᠡᠨ ᠯᠤᠤ ᠵᠢᠯ ᠴᠢᠯᠦᠭᠡᠳᠡᠢ ᠶᠠᠪᠤᠯᠴᠠᠬᠤ ᠶᠢ ᠠᠬᠢᠭᠤᠯᠬᠤ ᠪᠠᠷ ᠴᠢᠷᠮᠠᠶᠢᠭᠠᠳ ᠢᠷᠡᠭᠰᠡᠨ ᠯᠤᠤ ᠵᠢᠯ    ᠠᠮᠢ ᠠᠬᠤᠢ ᠶᠢᠨ ᠬᠠᠮᠠᠭᠠᠯᠠᠯᠳᠠ ᠳᠤ    ᠠᠰᠢᠭ ᠬᠦᠷᠳᠡᠭᠦ ᠯᠤᠤ ᠵᠢᠯ    ᠠᠵᠦ ᠠᠬᠤᠢ᠂ ᠲᠠᠷᠢᠶᠠᠯᠠᠩ ᠤᠨ ᠦᠷᠳᠡᠭ    ᠠᠬᠢᠨ ᠲᠠᠬᠢᠨ ᠢᠶᠠᠷ ᠨᠡᠮᠡᠭᠳᠡᠭᠦ ᠯᠤᠤ ᠵᠢᠯ ᠠᠪᠯᠢᠭᠠᠯ ᠢ ᠡᠰᠡᠷᠭᠦᠴᠡᠭᠦ ᠲᠡᠮᠡᠴᠡᠯ ᠢ ᠠᠳᠠᠪᠰᠢ ᠠᠳᠬᠤᠬᠤ ᠯᠤᠤ ᠵᠢᠯ ᠠᠷᠢᠭᠤᠨ ᠴᠢᠭᠡᠴᠢ ᠪᠠᠷ ᠵᠠᠰᠠᠭ ᠪᠠᠷᠢᠬᠤ ᠶᠢ ᠠᠰᠢᠳᠠ ᠠᠬᠢᠭᠤᠯᠬᠤ ᠯᠤᠤ ᠵᠢᠯ     ᠡᠯ᠎ᠡ ᠦᠨᠳᠦᠰᠦᠳᠡᠨ ᠤ ᠪᠦᠯᠬᠦᠮᠳᠡᠯ ᠢ      ᠨᠢᠭᠳᠠᠷᠠᠭᠤᠯᠤᠭᠠᠳ ᠢᠷᠡᠭᠰᠡᠨ ᠯᠤᠤ ᠵᠢᠯ      ᠡᠶ᠎ᠡ ᠵᠤᠬᠢᠴᠠᠯᠳᠤ ᠨᠡᠶᠢᠭᠡᠮ ᠢ      ᠪᠠᠶᠢᠭᠤᠯᠤᠭᠠᠳ ᠢᠷᠡᠭᠰᠡᠨ ᠯᠤᠤ ᠵᠢᠯ ᠰᠤᠷᠭᠠᠨ ᠬᠦᠮᠦᠵᠢᠯ᠂ ᠰᠢᠨᠵᠢᠯᠡᠭᠦ ᠤᠬᠠᠭᠠᠨ ᠢ ᠰᠤᠳᠤᠯᠤᠨ ᠬᠦᠭᠵᠢᠭᠦᠯᠭᠦ ᠯᠤᠤ ᠵᠢᠯ ᠰᠤᠶᠤᠯ ᠤᠷᠠᠯᠢᠭ᠂ ᠰᠤᠷᠳᠠᠯ ᠤᠬᠠᠭᠤᠯᠭ᠎ᠠ ᠶᠢ ᠰᠤᠯᠤᠩᠭᠠᠷᠠᠨ ᠬᠢᠯᠠᠯᠵᠠᠭᠤᠯᠬᠤ ᠯᠤᠤ ᠵᠢᠯ     ᠡᠮ ᠡᠮᠨᠡᠯᠭᠡ᠂ ᠡᠷᠡᠭᠦᠯ ᠬᠠᠮᠠᠭᠠᠯᠠᠯ     ᠡᠷᠡᠭᠦᠯ ᠢᠶᠠᠷ ᠬᠦᠭᠵᠢᠭᠦ ᠯᠤᠤ ᠵᠢᠯ     ᠡᠳᠡᠭᠡᠳ  ᠡᠪᠡᠳᠴᠢᠨ ᠬᠢᠵᠢᠭ     ᠡᠷᠬᠢᠯᠳᠡ ᠦᠭᠡᠢ ᠠᠷᠢᠯᠬᠤ ᠯᠤᠤ ᠵᠢᠯ ︽ᠨᠢᠭᠡ ᠤᠯᠤᠰ᠂ ᠬᠤᠶᠠᠷ ᠪᠠᠶᠢᠭᠤᠯᠤᠯ︾ ᠤᠨ ᠲᠦᠷᠢᠮ ᠢ ᠨᠢᠭᠡᠮᠦᠰᠦᠨ ᠬᠡᠷᠡᠭᠵᠢᠭᠦᠯᠭᠦ ᠯᠤᠤ ᠵᠢᠯ ︽ᠨᠢᠭᠡ ᠪᠦᠰᠡ  ᠨᠢᠭᠡ ᠵᠠᠮ︾ ᠤᠨ ᠶᠠᠪᠤᠯᠴᠠᠭ᠎ᠠ ᠶᠢ ᠨᠢᠮᠪᠡᠢ ᠪᠠᠷᠢᠮᠳᠠᠯᠬᠤ ᠯᠤᠤ ᠵᠢᠯ    ᠬᠤᠷᠴᠢᠨ ᠤ ᠲᠠᠯ᠎ᠠ ᠨᠤᠳᠤᠭ ᠲᠤ    ᠬᠤᠨᠤᠭᠰᠢᠭᠠᠳ ᠰᠠᠭᠠᠳᠠᠭᠰᠠᠨ ᠯᠤᠤ ᠵᠢᠯ    ᠬᠤᠷᠢᠨ ᠨᠢᠭᠡᠳᠤᠭᠡᠷ ᠵᠠᠭᠤᠨ ᠤ ᠵᠠᠷᠤᠳᠴᠤᠳ ᠢ    ᠬᠦᠭᠵᠢᠭᠦᠯᠭᠦ ᠪᠠᠷ ᠰᠠᠭᠠᠳᠠᠭᠰᠠᠨ ᠯᠤᠤ ᠵᠢᠯ ᠪᠠᠭᠠᠳᠤᠷᠯᠢᠭ ᠮᠤᠩᠭᠤᠯᠴᠤᠳ ᠤᠨ ᠪᠠᠳᠠᠷᠠᠯ ᠢ ᠪᠠᠭ᠋ᠠᠷᠬᠠᠭᠠᠳ ᠰᠠᠭᠠᠳᠠᠭᠰᠠᠨ ᠯᠤᠤ ᠵᠢᠯ ᠪᠦᠳᠦᠭᠡᠯ ᠦᠢᠯᠡᠰ ᠲᠠᠢ ᠡᠭᠦᠳᠡᠨ ᠳᠤ ᠪᠤᠶᠠᠨ ᠰᠤᠶᠤᠷᠬᠠᠭᠰᠠᠨ ᠯᠤᠤ ᠵᠢᠯ    ᠬᠦᠭᠡ ᠮᠦᠷᠡᠨ ᠤ ᠤᠰᠤ ᠶᠢ    ᠬᠦᠨᠦᠭ ᠢᠶᠠᠷ ᠶᠠᠨᠳᠠᠭᠠᠳ ᠪᠠᠷᠠᠨᠤ ᠳ᠋ᠠ    ᠬᠦᠭᠵᠢᠯ ᠮᠠᠨᠳᠤᠯᠳᠤ ᠯᠤᠤ ᠵᠢᠯ ᠢᠶᠠᠨ    ᠬᠤᠯᠪᠤᠨ ᠮᠠᠭᠳᠠᠭᠠᠳ ᠪᠠᠷᠠᠨᠤ ᠳ᠋ᠠ ᠠᠶᠠᠯᠭᠤᠯᠠᠵᠦ ᠬᠡᠯᠡᠭᠰᠡᠨ ᠬᠤᠯᠪᠤᠭ᠎ᠠ ᠪᠤᠯ ᠠᠶᠤᠤᠯᠢᠬᠠᠢ ᠴᠢᠭᠡᠵᠢᠨ ᠤ ᠤᠶᠠᠩᠭ᠎ᠠ ᠰᠢᠤ ᠠᠰᠤᠷᠤ ᠰᠠᠶᠢᠬᠠᠨ ᠯᠤᠤ ᠵᠢᠯ ᠳᠤ ᠪᠠᠨ ᠠᠵᠠ ᠬᠡᠶᠢᠮᠦᠷᠢ ᠬᠤᠷᠤᠶᠢᠯᠠᠭᠰᠠᠨ ᠪᠡᠯᠡᠭ ᠰᠢᠤ      ᠡᠭᠦᠰᠭᠡᠵᠦ ᠬᠡᠯᠡᠭᠰᠡᠨ ᠬᠤᠯᠪᠤᠭ᠎ᠠ ᠪᠠᠨ      ᠠᠳᠠ ᠬᠦᠷᠦᠭᠡᠳ ᠵᠠᠪᠰᠠᠷᠯᠠᠶ᠎ᠠ      ᠦᠯᠵᠡᠢ ᠬᠡᠰᠢᠭᠳᠦ ᠯᠤᠤ ᠵᠢᠯ ᠳᠤ ᠪᠠᠨ      ᠦᠬᠡᠳᠡ ᠡᠰᠡᠷᠡᠭ ᠠᠮᠢᠳᠤᠷᠠᠵᠠᠭᠠᠶ᠎ᠠ︕                   ᠨᠠᠶᠢᠷᠠᠭᠤᠯᠤᠭᠴᠢ᠄ ᠪᠦᠷᠢᠨ᠋ᠥ᠌ᠯᠵᠡᠢ     ᠬᠢᠨᠠᠭᠴᠢ᠄ ᠣᠳᠬᠤᠨ 
ᠢᠷᠡᠯᠲᠡ᠄ ᠲᠦᠡᠭᠯᠢᠶᠤᠤ ᠬᠤᠲᠠ ᠶᠢᠨ ᠵᠠᠷᠤᠳ ᠬᠤᠰᠢᠭᠤᠨ  ᠤ ᠬᠠᠮ ᠵᠠᠭᠤᠴᠢᠯᠠᠭᠤᠷ ᠤᠨ ᠲᠦᠪ