ᠰᠡᠷᠭᠡᠶᠢᠯᠡ︕ ᠡᠨᠡ ᠡᠪᠡᠳᠴᠢᠨ ᠲᠠᠷᠭᠤᠨ ᠡᠴᠡᠩᠬᠡᠢ ᠲᠠᠢ ᠬᠠᠮᠢᠶ᠎ᠠ ᠦᠭᠡᠢ︕
ᠨᠡᠶᠢᠲᠡᠯᠡᠭᠰᠡᠨ ᠴᠠᠭ᠄
2024/11/21
    ᠣᠯᠠᠩᠬᠢ ᠬᠥᠮᠥᠨ ᠡᠯᠢᠭᠡ ᠥᠭᠡᠬᠦᠯᠡᠬᠦ ᠨᠢ ᠮᠠᠷᠢᠶ᠎ᠠ ᠲᠠᠢ ᠪᠤᠯᠤᠬᠰᠠᠨ ᠤ ᠬᠢ ᠬᠡᠵᠦ ᠦᠵᠡᠳᠡᠭ᠃ ᠬᠡᠬᠦ ᠳᠤ ᠲᠤᠷᠠᠩᠬᠠᠢ ᠬᠥᠮᠥᠨ ᠤ ᠡᠯᠢᠭᠡ ᠮᠦᠨ ᠠᠳᠠᠯᠢᠬᠠᠨ  ᠦᠬᠡᠬᠦᠯᠡᠳᠡᠭ ᠢ ᠲᠠ ᠮᠡᠳᠡᠬᠦ ᠤᠤ︖     ᠲᠤᠰᠬᠠᠢ ᠮᠡᠷᠭᠡᠵᠢᠯᠲᠡᠨ ᠤ ᠦᠵᠡᠬᠦ ᠪᠠᠷ᠂ ᠣᠯᠠᠩᠬᠢ ᠳᠠᠭᠠᠨ ᠲᠠᠷᠭᠤᠨ ᠬᠥᠮᠥᠰ ᠤᠨ ᠡᠯᠢᠭᠡ ᠥᠭᠡᠬᠦᠯᠡᠳᠡᠭ ᠪᠤᠯᠪᠠᠴᠦ ᠡᠭᠦᠨ ᠳᠤ ᠪᠠᠰᠠ 10%~20% ᠶᠢᠨ  ᠳᠣᠷᠠᠩᠬᠠᠢ ᠬᠥᠮᠥᠨ ᠪᠠᠭᠲᠠᠵᠤ ᠪᠠᠶᠢᠨ᠎ᠠ᠂ ᠡᠶᠢᠮᠦ ᠠᠴᠠ ᠡᠯᠢᠭᠡ ᠥᠭᠡᠬᠦᠯᠡᠬᠦ ᠨᠢ ᠭᠠᠭᠴᠠᠬᠠᠨ ᠮᠠᠷᠢᠶᠠᠯᠠᠬᠰᠠᠨ ᠠᠴᠠ ᠪᠤᠯᠤᠬᠰᠠᠨ ᠪᠢᠰᠢ ᠶᠤᠮ᠃      ᠥᠭᠡᠬᠦᠯᠡᠭᠰᠡᠨ ᠡᠯᠢᠭᠡ ᠶᠢ ᠶᠡᠷᠦ ᠳᠡᠭᠡᠨ ᠠᠷᠢᠬᠢᠨ ᠠᠴᠠ ᠪᠤᠯᠵᠦ ᠦᠬᠡᠬᠦᠯᠡᠭᠰᠡᠨ᠂ ᠥᠭᠡᠬᠦᠯᠡᠭᠰᠡᠨ ᠡᠯᠢᠭᠡ᠂ ᠰᠢᠮ᠎ᠡ ᠲᠡᠵᠢᠭᠡᠯ ᠢᠯᠡᠭᠦᠳᠡᠭᠰᠡᠨ ᠠᠴᠠ ᠪᠤᠯᠵᠦ  ᠦᠬᠡᠬᠦᠯᠡᠭᠰᠡᠨ ᠬᠡᠬᠦ ᠮᠡᠲᠦ ᠪᠠᠷ ᠠᠩᠭᠢᠯᠠᠳᠠᠭ᠃ ᠥᠭᠡᠬᠦᠯᠡᠭᠰᠡᠨ ᠡᠯᠢᠭᠡᠨ ᠤ ᠡᠬᠢᠨ ᠤ ᠦᠶ᠎ᠡ ᠶᠢᠨ ᠢᠯᠡᠷᠡᠯ ᠨᠢ ᠲᠡᠶᠢᠮᠦ ᠢᠯᠡᠷᠬᠡᠢ ᠪᠢᠰᠢ᠂ ᠭᠤᠤᠯᠳᠠᠭᠤ ᠲᠠᠮᠢᠷᠳᠠᠬᠤ  ᠪᠠᠶᠢᠳᠠᠯ ᠢᠯᠡᠷᠡᠨ᠎ᠡ᠃ ᠵᠠᠷᠢᠮ ᠬᠦᠮᠦᠨ ᠤ ᠬᠡᠪᠡᠯᠢ ᠶᠢᠨ ᠪᠠᠷᠠᠭᠤᠨ ᠲᠠᠯ᠎ᠠ ᠶᠢᠨ ᠳᠡᠭᠡᠳᠦ ᠬᠡᠰᠡᠭ ᠢᠶᠠᠷ ᠵᠢᠭᠠᠬᠠᠨ ᠡᠪ ᠦᠭᠡᠶᠢᠷᠡᠬᠦ᠂ ᠡᠰᠡᠬᠦᠯ᠎ᠡ ᠬᠡᠪᠡᠯᠢ ᠶᠢᠨ ᠳᠡᠭᠡᠳᠦ  ᠬᠡᠰᠡᠭ ᠢᠶᠠᠷ ᠴᠢᠨᠦᠷᠡᠵᠦ ᠡᠪᠡᠳᠬᠦ ᠵᠡᠷᠭᠡ ᠨᠡᠶᠢᠲᠡᠯᠢᠭ ᠪᠤᠰᠤ ᠢᠯᠡᠷᠡᠯ ᠲᠠᠢ ᠶᠤᠮ᠃     ᠡᠯᠢᠭᠡ ᠬᠦᠨᠳᠦ ᠨᠣᠴᠢᠲᠠᠢ ᠥᠭᠡᠬᠦᠯᠡᠪᠡᠯ ᠠᠷᠠᠰᠤ ᠵᠠᠭᠠᠲᠤᠨᠠᠬᠤ᠂ ᠢᠳᠡᠭᠡᠨ ᠤ ᠳᠤᠷᠠᠰᠢᠯ ᠮᠠᠭᠤᠳᠠᠬᠤ᠂ ᠳᠤᠷ᠎ᠠ ᠪᠣᠯᠭᠢᠬᠤ᠂ ᠪᠥᠭᠡᠯᠵᠢᠬᠦ ᠵᠡᠷᠭᠡ ᠡᠪᠡᠳᠴᠢᠨ ᠤ  ᠢᠯᠡᠷᠡᠯ ᠡᠬᠦᠰᠬᠡᠨ᠎ᠡ᠃ ᠬᠠᠷᠢᠨ ᠡᠯᠢᠭᠡᠨ ᠤ ᠬᠠᠲᠠᠭᠤᠷᠠᠯ ᠪᠤᠯᠬᠤ ᠳᠤ ᠬᠦᠷᠪᠡᠯ ᠨᠤᠴᠢᠳᠠᠢ ᠪᠤᠯᠵᠦ᠂ ᠬᠡᠪᠡᠯᠢ ᠳᠤ ᠤᠰᠤ ᠬᠦᠶᠦᠬᠦ᠂ ᠴᠢᠰᠤ ᠭᠠᠷᠬᠤ ᠵᠡᠷᠭᠡ ᠪᠠᠶᠢᠳᠠᠯ  ᠢᠯᠡᠷᠡᠵᠦ ᠮᠡᠳᠡᠨ᠎ᠡ᠃ ᠡᠶᠢᠮᠦᠷᠬᠦ ᠪᠠᠶᠢᠳᠠᠯ ᠢᠯᠡᠷᠡᠪᠡᠯ ᠰᠡᠷᠡᠮᠵᠢᠯᠡᠬᠦ ᠬᠡᠷᠡᠭᠲᠡᠢ᠃
ᠢᠷᠡᠯᠲᠡ᠄ ᠬᠦᠯᠦᠨ ᠪᠤᠶᠢᠷ ᠬᠤᠳᠠ ᠶᠢᠨ ᠠᠷᠠᠳ ᠤᠨ ᠵᠠᠰᠠᠭ ᠤᠨ ᠤᠷᠳᠤᠨ