ᠡᠷᠡᠯᠬᠡᠭ ᠪᠠᠭᠠᠲᠤᠷᠯᠢᠭ᠂ ᠪᠣᠷᠣᠭᠵᠢᠭᠤᠨ ᠴᠠᠶᠢᠯᠭᠠᠨ ᠰᠡᠳᠬᠢᠯ ᠲᠠᠢ ᠣᠷᠴᠣᠨ ᠦᠨᠳᠦᠰᠦᠲᠡᠨ ᠪᠣᠯ ᠶᠡᠷᠦ ᠠᠴᠠ ᠰᠠᠶᠢᠨ ᠮᠤᠷᠢᠴᠢᠨ ᠪᠠ ᠮᠡᠷᠭᠡᠨ ᠬᠠᠷᠪᠤᠭᠠᠴᠢ | ᠪᠠᠷ ᠶᠢᠷᠲᠢᠨᠴᠤ ᠳᠤ ᠨᠡᠷᠡᠲᠡᠢ᠃ ︽ᠬᠢᠩᠭᠠᠨ ᠳᠠᠪᠠᠭᠠᠨ ᠤ ᠠᠪᠠ ᠶᠢᠨ ᠰᠠᠬᠢᠭᠤᠯᠰᠤᠨ︾ ᠭᠡᠰᠡᠨ ᠰᠠᠶᠢᠬᠠᠨ ᠨᠡᠷ᠎ᠡ ᠪᠠᠷ ᠨᠡᠷᠡᠶᠢᠳᠴᠦ ᠥᠩᠭᠡᠷᠡᠵᠡᠶ᠃ | ᠴᠢᠯᠥᠭᠡᠯᠡᠭᠳᠡᠬᠦ ᠠᠴᠠ ᠡᠮᠦᠨ᠎ᠡ᠂ ᠣᠷᠴᠣᠨ ᠦᠨᠳᠦᠰᠦᠲᠡᠨ ᠤ ᠠᠷᠠᠳ ᠲᠦᠮᠡᠨ ᠦᠶ᠎ᠡ ᠤᠯᠠᠷᠢᠨ ᠨᠡᠯᠦᠭᠡᠷ ᠠᠭᠤᠳᠠᠮ ᠬᠢᠩᠭᠠᠨ ᠤ ᠣᠢ ᠬᠥᠪᠴᠦ ᠳᠤ | ᠰᠠᠭᠤᠷᠢᠰᠢᠵᠤ᠂ ᠠᠩ ᠠᠩᠨᠠᠯ ᠬᠢᠵᠦ ᠠᠮᠢᠳᠤᠷᠠᠳᠠᠭ᠃ ᠡᠬᠡ ᠪᠠᠶᠢᠭᠠᠯᠢᠯᠢᠭ ᠲᠠᠢ ᠲᠡᠮᠡᠴᠡᠬᠦ ᠳᠤᠮᠳᠠ ᠭᠠᠯ ᠮᠡᠲᠦ ᠰᠠᠯᠵᠤ ᠪᠣᠯᠤᠰᠢ ᠦᠭᠡᠢ ᠳᠣᠲᠣᠨᠣ ᠨᠠᠶᠢᠵᠠ ᠲᠠᠢ | ᠪᠣᠯᠵᠤ᠂ ᠭᠠᠯ ᠶᠢ ᠪᠤᠷᠬᠠᠨ ᠮᠡᠲᠦ ᠬᠠᠷᠠᠵᠤ ᠰᠥᠨᠢ ᠳᠦᠯᠢ ᠪᠠᠷ ᠭᠠᠯ ᠭᠡᠷᠡᠯᠳᠦᠬᠦᠯᠵᠦ᠂ ᠬᠠᠬᠢᠷ ᠡᠪᠦᠯ ᠭᠠᠯ ᠢᠶᠠᠷ ᠬᠦᠢᠲᠡᠨ ᠢ ᠳᠠᠷᠤᠵᠤ᠂ ᠪᠠᠶᠠᠷ ᠳᠤᠷᠠᠰᠬᠠᠯ ᠤᠨ | ᠦᠶ᠎ᠡ ᠳᠤ ᠲᠦᠳᠡᠭ ᠭᠠᠯ ᠨᠣᠴᠣᠭᠠᠵᠤ ᠪᠠᠶᠠᠷᠯᠠᠨ ᠪᠥᠵᠢᠭᠯᠡᠨ᠎ᠡ᠃ ᠥᠨᠥᠳᠦᠷ ᠬᠡᠳᠦ᠋ᠢᠪᠡᠷ ᠬᠥᠮᠦᠨ ᠲᠥᠷᠥᠯᠬᠢᠲᠡᠨ ᠤ ᠨᠡᠶᠢᠭᠡᠮ ᠪᠣᠯᠪᠠᠰᠤᠨ ᠴᠠᠭ ᠣᠶᠢᠶ᠎ᠠ ᠳᠤ | ᠤᠷᠤᠭᠰᠠᠨ ᠪᠣᠯᠪᠠᠴᠤ ᠰᠥᠨᠢ ᠶᠢᠨ ᠰᠣᠯᠣᠩᠭᠠᠨ ᠳ᠋ᠧᠩ ᠲᠦᠳᠡᠭ ᠭᠠᠯ ᠢ ᠣᠷᠣᠯᠠᠭᠰᠠᠨ ᠪᠣᠯᠪᠠᠴᠤ ᠣᠷᠴᠣᠨ ᠤ ᠠᠷᠠᠳ ᠲᠦᠮᠡᠨ ᠤ ᠭᠠᠯ ᠤᠨ ᠬᠠᠶᠢᠷ᠎ᠠ ᠰᠡᠳᠬᠢᠯᠭᠡ | ᠥᠴᠦᠬᠡᠨ ᠴᠦ ᠪᠠᠭᠤᠷᠠᠭᠰᠠᠨ ᠦᠭᠡᠶ᠃ ᠭᠠᠯ ᠰᠢᠲᠦᠭᠡᠨ ᠪᠣᠯᠤᠭᠰᠠᠨ ᠳᠦᠷᠡᠯᠵᠡᠭᠰᠡᠨ ᠲᠦᠳᠡᠭ ᠭᠠᠯ ᠣᠷᠴᠣᠨ ᠬᠥᠮᠦᠰ ᠲᠤ ᠪᠠᠶᠠᠷ ᠵᠢᠷᠭᠠᠯ ᠨᠡᠮᠡᠷᠢᠯᠡᠵᠦ᠂ | ᠣᠷᠴᠣᠨ ᠬᠥᠮᠦᠰ ᠤᠨ ᠤᠷᠤᠭᠰᠢᠯᠠᠨ ᠳᠠᠪᠰᠢᠬᠤ ᠣᠮᠤᠭ ᠵᠣᠷᠢᠭ ᠢ ᠬᠥᠭᠵᠢᠭᠡᠪᠡ᠃ | 1991 ᠣᠨ ᠠᠴᠠ ᠡᠬᠢᠯᠡᠨ᠂ ᠵᠢᠯ ᠪᠦᠷᠢ ᠶᠢᠨ 6 ᠰᠠᠷ᠎ᠠ ᠶᠢᠨ 18 ᠤ ᠡᠳᠦᠷ ᠪᠣᠯ ᠣᠷᠴᠣᠨ ᠦᠨᠳᠦᠰᠦᠲᠡᠨ ᠤ ᠠᠷᠠᠳ ᠲᠦᠮᠡᠨ ᠤ ᠴᠣᠷ ᠤᠨ ᠭᠠᠭᠴᠠ | ᠤᠯᠠᠮᠵᠢᠯᠠᠯᠲᠤ ᠪᠠᠶᠠᠷ ᠤᠨ ᠡᠳᠦᠷ ︽ᠲᠦᠳᠡᠭ ᠭᠠᠯ ᠤᠨ ᠪᠠᠶᠠᠷ︾ ᠪᠣᠯᠤᠨ᠎ᠠ᠃ ᠡᠨᠡ ᠡᠳᠦᠷ᠂ ᠵᠣᠯ ᠵᠢᠷᠭᠠᠯ ᠲᠠᠢ᠂ ᠦᠵᠡᠰᠬᠦᠯᠡᠩᠲᠦ ᠰᠠᠶᠢᠬᠠᠨ ᠡᠳᠦᠷ ᠮᠢᠩᠭᠠᠨ | ᠠᠭᠤᠯᠠ ᠨᠤᠮᠢᠨ ᠨᠤᠭᠤᠭᠠᠨ᠂ ᠲᠦᠮᠡᠨ ᠴᠡᠴᠡᠭ ᠮᠢᠷᠠᠯᠵᠠᠨ ᠳᠡᠯᠭᠡᠷᠡᠵᠦ᠂ ᠦᠵᠡᠰᠬᠦᠯᠡᠩᠲᠦ ᠰᠠᠶᠢᠬᠠᠨ ᠣᠷᠴᠣᠨ᠂ ᠪᠠᠶᠠᠷᠯᠠᠨ ᠬᠥᠭᠡᠷᠦᠯᠳᠦᠵᠦ᠂ ᠣᠯᠠᠨ ᠤ ᠰᠡᠳᠬᠢᠯᠭᠡ | ᠪᠢᠯᠬᠠᠵᠤ ᠪᠠᠶᠢᠯ᠎ᠠ᠃ ᠪᠢᠳᠡ ᠰᠡᠳᠬᠢᠯ ᠵᠢᠷᠦᠬᠡᠨ ᠤ ᠪᠠᠨ ᠣᠷᠭᠢᠯᠤᠮ᠎ᠠ ᠬᠠᠯᠠᠭᠤᠨ ᠰᠡᠳᠬᠢᠯᠭᠡ ᠶᠢ ᠬᠥᠭᠵᠢᠭᠡᠵᠦ᠂ ᠨᠢᠭᠡ ᠦᠨᠳᠦᠰᠦᠲᠡᠨ ᠤ ᠲᠡᠤᠬᠡ ᠶᠢ ᠮᠥᠷᠳᠡᠵᠦ᠂ | ᠣᠷᠴᠣᠨ ᠤ ᠰᠠᠶᠢᠨ ᠰᠠᠶᠢᠬᠠᠨ ᠢᠷᠡᠭᠡᠳᠦᠢ ᠶᠢ ᠮᠠᠭᠲᠠᠨ ᠳᠠᠭᠤᠯᠠᠨ᠎ᠠ᠃ | ᠲᠦᠳᠡᠭ ᠭᠠᠯ ᠢᠶᠠᠷ ᠪᠥᠵᠢᠭᠯᠡᠵᠦ ᠲᠦᠳᠡᠭ ᠭᠠᠯ ᠲᠠᠭᠠᠨ ᠳᠠᠭᠤᠯᠠᠵᠤ᠃ ᠡᠨᠡ ᠬᠦ ᠦᠨᠳᠦᠰᠦᠲᠡᠨ ᠤ ᠵᠣᠷᠢᠭ ᠰᠠᠨᠠᠭ᠎ᠠ ᠶᠢ ᠨᠢᠭᠲᠠᠷᠠᠭᠤᠯᠵᠤ᠂ | ᠦᠨᠳᠦᠰᠦᠲᠡᠨ ᠤ ᠵᠣᠷᠢᠭ ᠰᠠᠨᠠᠭᠠᠨ ᠤ ᠲᠦᠳᠡᠭ ᠭᠠᠯ ᠢ ᠬᠥᠭᠵᠢᠭᠡᠬᠦ ᠶᠢ ᠬᠦᠰᠡᠵᠦ ᠪᠠᠶᠢᠨ᠎ᠠ᠂ ᠮᠠᠨ ᠤ ᠤᠷᠤᠭᠰᠢᠯᠠᠯᠲᠠ ᠶᠢᠨ ᠭᠠᠯ ᠪᠠᠮᠪᠠᠷ ᠪᠣᠯᠤᠭᠰᠠᠨ ᠤ ᠬᠤᠪᠢ ᠳᠤ | ᠂ ᠮᠠᠨ ᠤ ᠠᠶᠠᠨ ᠵᠠᠮ ᠢᠶᠠᠨ ᠭᠡᠶᠢᠭᠦᠯᠪᠡᠯ᠂ ᠣᠷᠴᠣᠨ ᠮᠠᠷᠭᠠᠰᠢ ᠨᠠᠩ ᠭᠡᠷᠡᠯ ᠰᠠᠴᠤᠷᠠᠩᠭᠤᠶ ᠪᠣᠯᠤᠨ᠎ᠠ᠃ | | | |