ᠠᠩ ᠠᠩᠨᠠᠯ ᠳᠤ ᠭᠠᠷᠬᠤ ᠠᠴᠠ ᠪᠠᠨ ᠡᠮᠦᠨ᠎ᠡ ᠶᠠᠮᠠᠷ ᠨᠢᠭᠡ ᠠᠷᠢᠶᠠᠲᠠᠨ ᠢ ᠵᠠᠪᠠᠯ ᠠᠯᠠᠨ᠎ᠠ ᠭᠡᠵᠦ ᠬᠡᠯᠡᠵᠦ ᠪᠣᠯᠬᠤ ᠦᠭᠡᠢ᠂ ᠬᠡᠷᠪᠡ ᠢᠩᠭᠢᠵᠦ ᠬᠡᠯᠡᠪᠡᠯ ᠶᠠᠭᠤ ᠴᠤ | ᠣᠯᠵᠤ ᠴᠢᠳᠠᠬᠤ ᠦᠭᠡᠢ ᠶᠤᠮ᠃ ᠶᠡᠭᠡ ᠠᠷᠢᠶᠠᠲᠠᠨ ᠢ ᠴᠣᠬᠢᠭᠠᠳ ᠲᠠᠪᠤᠨ ᠴᠤᠯᠤ ᠶᠢ ᠨᠢ ᠱᠠᠭᠠᠯᠬᠤ ᠦᠶ᠎ᠡ ᠳᠤ ᠬᠡᠯᠡ ᠵᠢᠷᠦᠬᠡ ᠶᠢ ᠨᠢ ᠬᠤᠯᠪᠣᠵᠤ᠂ ᠴᠢᠨᠠᠬᠤ ᠳᠠᠭᠠᠨ | ᠴᠤ ᠢᠩᠭᠢᠳᠡᠭ᠂ ᠢᠳᠡᠬᠦ ᠦᠶ᠎ᠡ ᠳᠤᠨᠢ ᠯᠡ ᠰᠠᠶ᠋ᠢ ᠣᠭᠲᠣᠯᠵᠤ ᠬᠠᠶᠠᠳᠠᠭ᠂ ᠲᠡᠶᠢᠮᠦ ᠪᠢᠰᠢ ᠪᠣᠯ ᠠᠷᠢᠶᠠᠲᠠᠨ ᠢ ᠠᠩᠨᠠᠵᠤ ᠴᠢᠳᠠᠬᠤ ᠦᠭᠡᠢ ᠪᠣᠯᠤᠨ᠎ᠠ ᠃ | ᠬᠠᠨᠳᠠᠭᠠᠶ ᠶᠢᠨ ᠮᠢᠬ᠎ᠠ ᠶᠢ ᠢᠳᠡᠵᠦ ᠪᠠᠷᠠᠭᠰᠠᠨ ᠤ ᠳᠠᠷᠠᠭ᠎ᠠ ᠶᠠᠰᠤ ᠶᠢ ᠳᠤᠷ᠎ᠠ ᠪᠠᠷ ᠢᠶᠠᠨ ᠬᠠᠶᠠᠵᠤ ᠪᠣᠯᠬᠤ ᠦᠭᠡᠢ᠂ ᠡᠷᠬᠡᠪᠰᠢ ᠬᠠᠨᠳᠠᠭᠠᠶ ᠶᠢᠨ ᠶᠠᠰᠤ ᠶᠢ ᠲᠡᠭᠦᠵᠦ | ᠠᠪᠤᠭᠠᠳ ᠭᠤᠣᠯ ᠳᠤ ᠬᠠᠶᠠᠬᠤ ᠬᠡᠷᠡᠭᠲᠡᠶ᠂ ᠬᠡᠷᠪᠡ ᠨᠣᠬᠠᠶ ᠪᠤᠶᠤ ᠠᠷᠢᠶᠠᠲᠠᠨ ᠠᠮᠢᠲᠠᠨ ᠳᠤ ᠢᠳᠡᠭᠳᠡᠪᠡᠯ ᠠᠩ ᠠᠩᠨᠠᠯ ᠳᠤ ᠲᠤᠩ ᠠᠰᠢᠭ ᠦᠭᠡᠢ᠃ ᠠᠩ | ᠠᠩᠨᠠᠬᠤ ᠳᠠᠭᠠᠨ ᠭᠠᠯᠠᠭᠤ ᠠᠯᠠᠳᠠᠭ ᠥᠬᠡᠶ᠂ ᠡᠰᠡ ᠲᠡᠭᠡᠪᠡᠯ ᠡᠷ᠎ᠡ ᠡᠮ᠎ᠡ ᠬᠤᠶᠠᠭᠤᠯᠠ ᠶᠢᠨ ᠬᠠᠶᠢᠷ᠎ᠠ ᠰᠡᠳᠬᠢᠯᠭᠡ ᠳᠤ ᠠᠰᠢᠭ ᠥᠬᠡᠶ᠂ ᠤᠴᠢᠷ ᠨᠢ ᠡᠷᠡᠭᠴᠢᠨ | ᠡᠮᠡᠭᠴᠢᠨ ᠭᠠᠯᠠᠭᠤ ᠬᠠᠮᠲᠤ ᠪᠠᠶᠢᠳᠠᠭ᠃ ᠬᠡᠷᠪᠡ ᠨᠢᠭᠡ ᠶᠢ ᠨᠢ ᠠᠯᠠᠪᠠᠯ ᠨᠥᠭᠦᠭᠡ ᠨᠢ ᠥᠨᠥᠴᠢᠨ ᠭᠠᠯᠠᠭᠤ ᠪᠣᠯᠤᠨ᠎ᠠ᠃ ᠳᠣᠭᠰᠢᠨ ᠠᠷᠢᠶᠠᠲᠠᠨ ᠤ ᠨᠡᠷ᠎ᠡ ᠶᠢ ᠰᠢᠭᠤᠳ | ᠳᠠᠭᠤᠳᠠᠵᠤ ᠪᠣᠯᠬᠤ ᠥᠬᠡᠶ᠂ ᠪᠠᠭᠠᠪᠠᠭᠠᠶ ᠶᠢ ︽ᠡᠪᠦᠭᠡᠨ ᠠᠪᠤ︾ ᠭᠡᠵᠦ᠂ ᠪᠠᠷᠰ ᠢ ︽ᠠᠷᠢᠶᠠᠲᠠᠨ ᠤ ᠸᠠᠩ︾ ᠭᠡᠵᠦ ᠳᠠᠭᠤᠳᠠᠳᠠᠭ᠃ | | | | |