ᠮᠠᠯ ᠤᠰᠤ ᠤᠤᠭᠤᠬᠤ ᠳᠤᠷ᠎ᠠ ᠦᠭᠡᠢ ᠪᠣᠯ ᠶᠠᠭᠠᠬᠢᠬᠤ ᠪᠤᠢ︖
ᠨᠡᠶᠢᠲᠡᠯᠡᠭᠰᠡᠨ ᠴᠠᠭ᠄
2024/11/28
     ᠡᠪᠦᠯ ᠤᠨ ᠤᠯᠠᠷᠢᠯ ᠳᠤ ᠮᠠᠯ ᠤᠰᠤ ᠤᠤᠭᠤᠬᠤ ᠳᠤᠷ᠎ᠠ ᠦᠭᠡᠢ ᠪᠤᠶᠤ ᠳᠡᠮᠡᠢ ᠤᠤᠭᠤᠬᠤ ᠦᠭᠡᠢ ᠪᠣᠯ ᠮᠠᠭᠤ᠃  5 ᠬᠤᠨᠤᠭ ᠬᠡᠲᠦᠷᠡᠭᠡᠳ ᠢᠷᠡᠪᠡᠯ ᠬᠤᠷᠭᠤᠰᠤᠯᠠᠳᠠᠭ᠂ ᠬᠡᠴᠡᠭᠦᠳᠡᠪᠡᠯ ᠦᠬᠦᠵᠦ ᠴᠤ ᠮᠡᠳᠡᠨ᠎ᠡ᠃ ᠮᠠᠯ ᠤᠰᠤ  ᠤᠤᠭᠤᠬᠤ ︵ᠡᠩ ᠤᠨ ᠪᠠᠶᠢᠳᠠᠯ ᠳᠣᠣᠷ᠎ᠠ ᠪᠤᠳᠠ ᠮᠠᠯ 1 ᠡᠳᠦᠷ 15 ᠺᠢᠯᠤᠭ᠍ᠷᠠᠮ᠂ ᠪᠤᠭ ᠮᠠᠯ 1 ᠡᠳᠦᠷ ᠲᠤ 7.5  ᠺᠢᠯᠤᠭ᠍ᠷᠠᠮ ᠤᠰᠤ ᠤᠤᠭᠤᠪᠠᠯ ᠵᠣᠬᠢᠨ᠎ᠠ︶ ᠳᠤᠷ᠎ᠠ ᠦᠭᠡᠢ ᠪᠣᠯᠤᠭᠰᠠᠨ ᠢ ᠮᠡᠳᠡᠮᠡᠭᠴᠡ ᠬᠠᠮᠠᠷ ᠳᠡᠭᠡᠷ᠎ᠡ ᠨᠢ ᠵᠢᠶᠠᠩ  ᠲᠦᠷᠬᠢᠵᠦ ᠥᠭ᠂ ᠡᠳᠦᠷ ᠤᠨ 2 ᠤᠳᠠᠭ᠎ᠠ᠂ ᠲᠦᠷᠬᠢᠭᠰᠡᠨ ᠤ ᠲᠠᠷᠠᠭ᠎ᠠ ᠤᠰᠤ ᠥᠭᠭᠦᠨ᠎ᠡ᠂ ᠡᠨᠡ ᠮᠡᠲᠦ ᠪᠠᠷ ᠤᠰᠤ  ᠤᠤᠭᠤᠬᠤ ᠨᠢ ᠬᠡᠪ ᠤᠨ ᠪᠠᠶᠢᠳᠠᠯ ᠳᠠᠭᠠᠨ ᠣᠷᠣᠲᠠᠯ᠎ᠠ ᠤᠷᠤᠯᠳᠤᠨ᠎ᠠ᠃      ︽ᠮᠠᠯ ᠵᠢᠭᠦᠷᠲᠡᠨ ᠤ ᠡᠪᠡᠳᠴᠢᠨ ᠢ ᠰᠡᠷᠭᠡᠶᠢᠯᠡᠨ ᠵᠠᠰᠠᠬᠤ ᠠᠰᠠᠭᠤᠯᠳᠠ ᠬᠠᠷᠢᠭᠤᠯᠲᠠ︾᠎ ᠠᠴᠠ ᠪᠠᠭᠤᠯᠭᠠᠪᠠ᠃      
ᠢᠷᠡᠯᠲᠡ᠄ ᠤᠷᠠᠳ ᠤᠨ ᠲᠤᠮᠳᠠᠳᠤ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ