ᠬᠠᠷᠢ ᠣᠷᠣᠨ ᠠᠴᠠ ᠬᠠᠷᠢᠵᠤ ᠢᠷᠡᠬᠦ ᠥᠬᠢᠨ ᠢᠶᠠᠨ ᠲᠣᠰᠬᠤ ᠬᠡᠮᠡᠨ ᠪᠠᠶᠠᠷᠯᠠᠭᠰᠠᠨ ᠠᠴᠠ ᠪᠣᠯᠵᠤ ᠥᠴᠥᠭᠡᠳᠦᠷ ᠰᠥᠨᠢ ᠨᠦᠢᠷ ᠮᠠᠭᠤᠲᠠᠢ ᠤᠨᠲᠠᠵᠠᠢ᠃ | ᠥᠷᠯᠥᠭᠡ ᠶᠢᠨ ᠴᠠᠢ ᠪᠠᠨ ᠭᠡᠳᠦ ᠣᠭᠤᠴᠢᠮᠠᠭᠴᠠ ᠮᠠᠰᠢᠨ ᠢᠶᠠᠨ ᠭᠠᠯᠯᠠᠵᠤ ᠤᠯᠢᠶᠠᠰᠤᠲᠠᠢ ᠠᠴᠠ ᠰᠢᠯᠢᠩᠬᠤᠲᠠ ᠬᠦᠷᠬᠦ ᠵᠠᠮ ᠢᠶᠠᠷ ᠭᠤᠶᠠᠳᠠᠭᠤᠯᠤᠯᠠ᠂ ᠵᠢᠭᠠᠬᠠᠨ | ᠨᠦᠢᠷ ᠬᠦᠷᠬᠦ ᠰᠢᠭ ᠪᠣᠯᠬᠤᠯᠠᠷ ᠨᠢ ᠵᠠᠮ ᠤᠨ ᠬᠠᠵᠠᠭᠤ ᠶᠢᠨ ᠡᠪᠲᠡᠢ ᠭᠠᠵᠠᠷ ᠢ ᠰᠣᠩᠭᠤᠨ ᠲᠡᠷᠭᠡ ᠪᠠᠨ ᠵᠣᠭᠰᠣᠭᠠᠭᠠᠳ ᠰᠠᠯᠬᠢ ᠦᠵᠡᠵᠦ ᠲᠠᠷᠢᠬᠢ ᠲᠣᠯᠣᠭᠠᠢ ᠪᠠᠨ | ᠰᠡᠷᠭᠦᠭᠡᠬᠦ ᠶᠢ ᠰᠠᠨᠠᠵᠤ ᠭᠠᠳᠠᠨ᠎ᠠ ᠭᠠᠷᠪᠠ᠃ | ᠡᠷᠲᠡ ᠨᠠᠮᠤᠷ ᠤᠨ ᠰᠠᠯᠬᠢ ᠡᠩᠭᠡᠯᠵᠡᠭᠦᠷ ᠥᠭᠡᠳᠡ ᠦᠶ᠎ᠡ ᠦᠶ᠎ᠡ ᠰᠡᠶᠢᠭᠡᠨ ᠦᠯᠢᠶᠡᠭᠰᠡᠨ ᠰᠡᠷᠢᠭᠦᠨ ᠲᠠᠭᠠᠯᠠᠮᠵᠢᠲᠠᠢ ᠠᠮᠢᠰᠬᠤᠯ ᠳᠤᠮᠳᠠ ᠪᠢ ᠤᠳᠠᠲᠠᠯ᠎ᠠ | ᠵᠣᠭᠰᠣᠯ᠎ᠠ᠃ ᠲᠡᠭᠷᠢ ᠶᠢᠨ ᠬᠠᠶᠠᠭᠠᠨ ᠳᠤ ᠠᠭᠤᠯᠠᠰ ᠤᠨ ᠪᠠᠷ᠎ᠠ ᠴᠡᠩᠬᠡᠷᠯᠡᠵᠦ ᠪᠢᠴᠢᠭ ᠱᠠᠭᠠᠶᠢᠵᠤ ᠴᠢᠯᠡᠭᠰᠡᠨ ᠬᠠᠷᠠᠯᠭᠠᠨ ᠮᠠᠭᠤ ᠨᠢᠳᠦ ᠶᠢ ᠮᠢᠨᠢ ᠠᠮᠠᠷᠠᠭᠠᠬᠤ ᠭᠡᠰᠡᠨ | ᠮᠡᠲᠦ ᠬᠤᠯᠠ ᠶᠢᠨ ᠬᠤᠯᠠ ᠳᠤ ᠬᠥᠬᠡᠷᠡᠨ᠎ᠡ᠃ ᠡᠪᠡᠰᠦᠨ ᠤ ᠬᠢᠨᠢ ᠦᠵᠦᠭᠦᠷ ᠲᠤ ᠨᠠᠮᠤᠷ ᠤᠨ ᠪᠤᠳᠤᠭ ᠶᠠᠯᠢᠮ ᠦᠭᠡᠢ ᠰᠠᠭᠤᠭᠰᠠᠨ ᠠᠭᠤᠳᠠᠮ ᠶᠡᠭᠡ ᠦᠵᠦᠮᠦᠴᠢᠨ ᠤ | ᠲᠠᠯ᠎ᠠ ᠤᠬᠠᠭ᠎ᠠ ᠰᠡᠳᠬᠢᠯ ᠢ ᠮᠢᠨᠢ ᠦᠵᠦᠭᠦᠷ ᠬᠢᠵᠠᠭᠠᠷ ᠦᠭᠡᠢ ᠲᠡᠯᠡᠵᠦ᠂ ᠥᠭᠦᠯᠡᠵᠦ ᠢᠯᠡᠳᠬᠡᠵᠦ ᠴᠢᠳᠠᠰᠢ ᠦᠭᠡᠢ ᠨᠢᠭᠡᠨ ᠵᠦᠢᠯ ᠤᠨ ᠪᠠᠶᠠᠷ ᠵᠢᠷᠭᠠᠯ ᠢᠶᠠᠷ᠂ ᠪᠠᠰᠠ | ᠨᠢᠭᠡᠨ ᠵᠦᠢᠯ ᠤᠨ ᠤᠶᠠᠷᠠᠯ ᠳᠣᠭᠳᠣᠯᠤᠯ ᠢᠶᠠᠷ ᠨᠠᠮ᠎ᠠ ᠶᠢ ᠳᠡᠪᠲᠦᠭᠡᠨ᠎ᠡ ᠁ | ᠨᠠᠮ ᠵᠢᠮ ᠲᠠᠯ᠎ᠠ᠂ ᠨᠠᠯᠠᠭᠠᠷ ᠠᠭᠤᠳᠠᠮ ᠪᠡᠯᠴᠢᠭᠡᠷ᠂ ᠨᠠᠮᠬᠠᠨ ᠬᠥᠲᠥᠯ ᠤᠨ ᠬᠤᠷᠮᠣᠢ ᠶᠢ ᠳᠠᠭᠠᠵᠣ ᠦᠬᠡᠷ ᠬᠤᠨᠢᠳ ᠤᠨ ᠰᠦᠷᠦᠭ ᠲᠠᠶᠢᠪᠤᠭᠤ ᠪᠡᠯᠴᠢᠨ᠎ᠡ ᠁ | ᠨᠠᠮ ᠵᠢᠮ ᠠᠮᠢᠳᠤᠷᠠᠯ᠂ ᠨᠠᠷᠠᠯᠠᠭ ᠰᠠᠶᠢᠬᠠᠨ ᠡᠬᠡ ᠣᠷᠣᠨ ᠁ ᠤᠤᠯ ᠨᠢ ᠡᠬᠡ ᠣᠷᠣᠨ ᠤ ᠮᠢᠨᠢ ᠨᠠᠮᠤᠷ ᠬᠦᠷᠴᠦ ᠢᠷᠡᠭᠡ ᠠᠵᠢ᠃ ᠡᠬᠡ ᠣᠷᠣᠨ ᠮᠢᠨᠢ | ᠦᠵᠡᠰᠬᠦᠯᠡᠩᠲᠦ ᠨᠠᠮᠤᠷ ᠢᠶᠠᠨ ᠲᠣᠰᠬᠤ ᠬᠡᠮᠡᠨ ᠥᠨᠢᠷ ᠪᠠᠶᠢᠭᠠᠯᠢ ᠪᠠᠨ ᠲᠤᠩᠭᠠᠯᠠᠭ ᠲᠣᠭᠲᠠᠭᠤᠨ ᠠᠮᠢᠰᠬᠤᠯ ᠢᠶᠠᠷ ᠴᠢᠮᠡᠵᠦ ᠲᠠᠩᠰᠤᠭ ᠠᠭᠤᠳᠠᠮ ᠲᠠᠯ᠎ᠠ ᠪᠠᠷ ᠢᠶᠠᠨ | ᠭᠠᠩᠭᠠᠷᠠᠨ᠎ᠠ᠃ | ᠬᠠᠷᠢᠨ ᠪᠢ ᠬᠠᠷᠢ ᠭᠦᠷᠦᠨ ᠠᠴᠠ ᠬᠠᠷᠢᠵᠤ ᠢᠷᠡᠵᠦ ᠶᠠᠪᠤᠭ᠎ᠠ ᠥᠬᠢᠨ ᠢᠶᠠᠨ ᠲᠣᠰᠬᠤ ᠬᠡᠮᠡᠨ ᠰᠡᠳᠬᠢᠯ ᠬᠥᠪᠬᠢᠵᠦ ᠶᠠᠪᠤᠭ᠎ᠠ ᠪᠢᠯᠡ᠃ ᠨᠠᠮᠤᠷ ᠤᠨ ᠲᠠᠯ᠎ᠠ | ᠨᠠᠮᠤᠷ ᠤᠨ ᠰᠠᠭᠤᠭᠳᠠᠯ ᠳᠤ ᠬᠡᠰᠡᠭ ᠠᠯᠮᠠᠶᠢᠷᠠᠵᠤ ᠵᠣᠭᠰᠣᠭᠰᠠᠨ ᠢᠶᠠᠨ ᠪᠢ ᠲᠡᠷᠭᠡᠨ ᠳᠡᠭᠡᠨ ᠭᠠᠷᠴᠤ ᠵᠢᠯᠣᠭᠤ ᠪᠠᠨ ᠪᠠᠷᠢᠨ ᠲᠣᠰᠣ ᠶᠢ ᠨᠢ ᠦᠭᠭᠦᠯ᠎ᠡ᠃ ᠲᠡᠷᠭᠡᠨ ᠤ | ᠴᠣᠩᠬᠤ ᠪᠠᠷ ᠬᠠᠷᠠᠭ᠎ᠠ ᠰᠤᠩᠭᠠᠬᠤ ᠳᠤ ᠲᠡᠨᠢᠭᠡᠷ ᠰᠠᠷᠠᠭᠤᠯ ᠦᠵᠦᠮᠦᠴᠢᠨ ᠤ ᠲᠠᠯ᠎ᠠ ᠮᠢᠨᠢ ᠥᠩᠭᠡᠲᠦ ᠨᠠᠮᠤᠷ ᠤᠨ ᠲᠣᠰᠣᠨ ᠵᠢᠷᠤᠭ ᠤᠨ ᠣᠷᠲᠣ ᠡᠪᠬᠡᠮᠡᠯ ᠢᠶᠠᠨ | ᠠᠯᠳᠠᠷᠠᠭᠠᠨ ᠥᠭᠡᠳᠡ ᠠᠴᠠ ᠮᠢᠨᠢ ᠳᠡᠯᠭᠡᠵᠦ ᠶᠠᠭᠠᠷᠠᠨ᠎ᠠ᠃ ᠲᠡᠭᠡᠭᠦ ᠳᠤ ᠡᠬᠡ ᠣᠷᠣᠨ ᠤ ᠪᠠᠨ ᠭᠦᠪᠡᠭᠡ ᠬᠢᠵᠠᠭᠠᠷ ᠦᠭᠡᠢ ᠠᠭᠤᠳᠠᠮ ᠲᠡᠨᠢᠭᠡᠷ ᠲᠠᠩᠭᠢᠰ ᠮᠡᠲᠦ ᠡᠨᠡ | ᠶᠡᠭᠡ ᠡᠩᠬᠡ ᠵᠢᠷᠭᠠᠯᠠᠩᠲᠤ ᠨᠠᠮᠤᠷ ᠤᠨ ᠳᠤᠮᠳᠠ ᠪᠢ ᠥᠨᠥᠴᠢᠨ ᠵᠠᠪᠢ ᠲᠠᠢ ᠬᠥᠪᠴᠦ ᠶᠠᠪᠤᠭ᠎ᠠ ᠴᠦ ᠶᠤᠮ ᠰᠢᠭ᠋ ᠰᠠᠨᠠᠭᠳᠠᠬᠤ ᠨᠢ ᠰᠠᠶᠢᠬᠠᠨ ᠠ᠋᠃ | ᠬᠥᠮᠥᠨ ᠤ ᠭᠠᠵᠠᠷ ᠬᠥᠨᠳᠡᠯᠡᠨ ᠤ ᠨᠤᠲᠤᠭ ᠠᠴᠠ ᠭᠦᠢ ᠶᠢ ᠨᠢ ᠪᠤᠯᠠᠭᠰᠠᠨ ᠨᠤᠲᠤᠭ ᠤᠰᠤ ᠪᠠᠨ ᠡᠷᠭᠢᠨ᠎ᠡ ᠬᠡᠮᠡᠭᠴᠢ ᠭᠦᠷᠦᠵᠦ ᠴᠠᠷᠴᠠᠰᠢ ᠦᠭᠡᠢ ᠬᠥᠮᠦᠯᠢᠭ | ᠬᠠᠶᠢᠷ᠎ᠠ ᠶᠢᠨ ᠪᠠᠲᠤ ᠠᠷᠭᠠᠮᠵᠢᠶ᠎ᠠ ᠪᠠᠶᠢᠨᠠᠮ᠃ ᠠᠵᠢᠯ ᠰᠤᠷᠤᠯᠭ᠎ᠠ ᠶᠢᠨ ᠤᠴᠢᠷ ᠢᠶᠠᠷ᠂ ᠡᠰᠡᠬᠦᠯ᠎ᠡ ᠠᠮᠢᠳᠤᠷᠠᠯ ᠣᠷᠣᠰᠢᠯ ᠤᠨ ᠡᠷᠬᠡ ᠪᠠᠷ ᠡᠵᠢ ᠠᠪᠤ ᠠᠴᠠ ᠪᠠᠨ | ᠠᠶᠠᠷᠯᠠᠨ᠂ ᠡᠬᠡ ᠨᠤᠲᠤᠭ ᠡᠯᠢᠭᠡᠨ ᠰᠠᠳᠣᠨ᠂ ᠡᠬᠡ ᠣᠷᠣᠨ ᠠᠴᠠ ᠪᠠᠨ ᠰᠠᠯᠵᠤ ᠬᠠᠷᠢ ᠤᠯᠤᠰ ᠬᠤᠯᠠ ᠶᠢᠨ ᠨᠤᠲᠤᠭ ᠢᠶᠠᠷ ᠲᠡᠨᠣᠵᠣ ᠬᠡᠰᠦᠵᠦ᠂ ᠲᠡᠮᠡᠴᠡᠵᠦ | ᠴᠢᠷᠮᠠᠶᠢᠵᠤ ᠶᠠᠪᠤᠬᠤ ᠳᠤ ᠬᠠᠲᠠᠭᠤ ᠵᠣᠷᠢᠭ ᠬᠠᠳᠠᠨ ᠰᠡᠳᠬᠢᠯ ᠬᠡᠷᠡᠭᠲᠡᠢ᠃ ᠬᠠᠷᠢᠨ ᠡᠵᠢ ᠠᠪᠤ ᠨᠢ᠂ ᠡᠯᠢᠭᠡᠨ ᠰᠠᠳᠣᠨ ᠨᠢ᠂ ᠡᠬᠡ ᠣᠷᠣᠨ ᠨᠢ ᠲᠡᠭᠦᠨ ᠤ ᠠᠷᠤ ᠳᠤ | ᠪᠠᠲᠤ ᠦᠨᠳᠦᠰᠦ ᠪᠠᠭᠠᠲᠤᠷ ᠲᠦᠰᠢᠭ ᠨᠢ ᠪᠣᠯᠵᠤ᠂ ᠪᠠᠷᠠᠭᠳᠠᠰᠢ ᠦᠭᠡᠢ ᠳᠣᠲᠣᠭᠠᠳᠤ ᠲᠠᠮᠢᠷ ᠤᠨ ᠬᠢᠨᠢ ᠪᠠᠶᠠᠨ ᠣᠨᠳᠣᠷᠤᠭ᠎ᠠ ᠨᠢ ᠪᠤᠯᠳᠠᠭ ᠠᠴᠠ ᠬᠥᠮᠥᠰ ᠰᠠᠶ᠋ᠢ | ᠲᠡᠶᠢᠨ ᠬᠦ ᠴᠡᠭᠡᠵᠢ ᠲᠡᠨᠢᠭᠦᠨ ᠰᠡᠳᠬᠢᠯ ᠪᠠᠷᠳᠠᠮ ᠪᠠᠶᠢᠳᠠᠭ ᠠᠵᠢ᠃ | ᠲᠡᠷᠭᠡᠨ ᠤ ᠴᠣᠩᠬᠤ ᠪᠠᠷ ᠭᠠᠳᠠᠭᠰᠢ ᠪᠠᠷᠠᠯᠠᠬᠤ ᠳᠤ ᠮᠢᠨᠤ ᠥᠬᠢᠨ ᠤ ᠡᠬᠡ ᠨᠤᠲᠤᠭ ᠨᠢ ᠮᠢᠩᠭᠠᠨ ᠭᠠᠯᠪᠠ ᠶᠢᠨ ᠠᠮᠤᠭᠤᠯᠠᠩ ᠲᠣᠭᠲᠠᠭᠤᠨ ᠭᠡᠮᠡᠷ ᠨᠠᠮᠤᠷ ᠤᠨ | ᠰᠠᠶᠢᠬᠠᠨ ᠥᠩᠭᠡ ᠪᠠᠷ ᠲᠤᠨᠤᠷᠠᠵᠤ ᠡᠵᠡᠨ ᠢᠶᠠᠨ ᠤᠭᠲᠤᠬᠤ ᠶᠢᠨ ᠪᠠᠶᠠᠷ ᠪᠠᠶᠠᠰᠬᠤᠯᠠᠩ ᠢᠶᠠᠷ ᠪᠢᠯᠬᠠᠨ᠎ᠠ᠃ ᠡᠬᠡ ᠣᠷᠣᠨ ᠬᠡᠮᠡᠭᠴᠢ ᠣᠶᠣᠨ ᠰᠠᠨᠠᠭᠠᠨ ᠤ ᠡᠬᠡ | ᠨᠤᠲᠤᠭ᠂ ᠡᠬᠡ ᠨᠤᠲᠤᠭ ᠬᠡᠮᠡᠭᠴᠢ ᠪᠣᠳᠠᠰᠴᠢ ᠪᠣᠳᠠᠲᠠᠢ ᠡᠬᠡ ᠣᠷᠣᠨ᠃ ᠬᠠᠭᠠᠴᠠᠨ ᠰᠠᠯᠤᠭᠠᠳ ᠤᠳᠠᠭᠰᠠᠨ ᠥᠯᠥᠭᠡᠢ ᠨᠤᠲᠤᠭ ᠤᠨ ᠢᠶᠠᠨ ᠬᠠᠯᠠᠭᠤᠬᠠᠨ | ᠬᠥᠷᠥᠰᠥᠨ ᠳᠤ ᠬᠥᠯ ᠭᠢᠰᠬᠢᠬᠦ ᠲᠡᠷᠡ ᠭᠱᠠᠨ ᠳᠤ ᠪᠢ ᠢᠷᠠᠭᠤ ᠨᠠᠶᠢᠷᠠᠭᠴᠢ ᠪᠣᠯᠴᠢᠬᠠᠭᠰᠠᠨ ᠮᠡᠲᠦ ᠰᠠᠨᠠᠭᠳᠠᠭᠰᠠᠨ ᠭᠡᠵᠦ ᠥᠬᠢᠨ ᠮᠢᠨᠢ ᠨᠢᠭᠡᠨ ᠤᠳᠠᠭ᠎ᠠ ᠨᠢᠰᠬᠡᠯ ᠠᠴᠠ | ᠪᠠᠭᠤᠭᠰᠠᠨ ᠲᠡᠷᠡ ᠬᠤᠷᠣᠮ ᠤᠨ ᠰᠡᠳᠬᠢᠯᠭᠡ ᠪᠠᠨ ᠶᠠᠷᠢᠭᠰᠠᠨ ᠢ ᠨᠢ ᠰᠠᠨᠠᠯ᠎ᠠ᠃ ᠠᠯᠢᠶ᠎ᠠ ᠢᠨᠢᠶᠡᠳᠦ ᠲᠣᠭᠯᠠᠭᠤᠯᠤᠭᠰᠠᠨ ᠬᠥᠭᠡᠷᠦᠬᠦᠨ ᠴᠢᠷᠠᠢ ᠳᠤᠨᠢ ᠮᠠᠭᠤ | ᠡᠴᠢᠭᠡ ᠪᠠᠨ ᠱᠣᠣᠯᠠᠭᠰᠠᠨ ᠨᠢᠭᠡᠨ ᠰᠠᠨᠠᠭ᠎ᠠ ᠢᠯᠡᠷᠡᠵᠦ ᠪᠠᠶᠢᠪᠠᠴᠤ ᠴᠠᠭᠠᠨ᠎ᠠ ᠨᠢ ᠡᠵᠢ ᠠᠪᠤ ᠶᠢᠨ ᠢᠶᠠᠨ ᠳᠡᠷᠭᠡᠳᠡ᠂ ᠡᠬᠡ ᠨᠤᠲᠤᠭ ᠤᠨ ᠢᠶᠠᠨ ᠰᠢᠷᠣᠢ ᠳᠡᠭᠡᠷ᠎ᠡ᠂ ᠡᠬᠡ | ᠣᠷᠣᠨ ᠤ ᠪᠠᠨ ᠡᠯᠢᠭᠡᠨ ᠳᠤ ᠬᠦᠷᠴᠦ ᠢᠷᠡᠭᠰᠡᠨ ᠬᠥᠮᠥᠨ ᠤ ᠪᠠᠶᠠᠷ ᠳᠣᠭᠳᠣᠯᠤᠯ ᠬᠠᠯᠭᠢᠯᠠᠵᠤ ᠪᠠᠶᠢᠬᠤ ᠶᠢ ᠨᠢ ᠣᠯᠵᠤ ᠮᠡᠳᠡᠨ᠎ᠡ᠃ ᠶᠡᠷᠦ ᠨᠢ ᠡᠵᠡᠨ ᠨᠤᠲᠤᠭ | ᠬᠤᠶᠠᠷ ᠤᠨ ᠪᠠᠷᠢᠯᠳᠤᠯᠭ᠎ᠠ ᠭᠡᠭᠴᠢ ᠮᠢᠬ᠎ᠠ ᠴᠢᠰᠤᠨ ᠳᠤᠨᠢ ᠰᠢᠩᠭᠡᠵᠦ ᠪᠠᠶᠢᠭ᠎ᠠ ᠤᠰᠤ ᠰᠢᠷᠣᠢ ᠶᠢᠨ ᠬᠢᠨᠢ ᠴᠡᠪᠡᠷ ᠴᠣᠯ ᠡᠯᠧᠮᠧᠨ᠋ᠲ ᠪᠠᠶᠢᠭ᠎ᠠ ᠶᠤᠮ᠂ ᠡᠬᠡ ᠣᠷᠣᠨ | ᠡᠵᠡᠨ ᠬᠤᠶᠠᠷ ᠤᠨ ᠢᠷᠦᠭᠡᠯ ᠭᠡᠭᠴᠢ ᠣᠶᠣᠨ ᠰᠦᠨᠡᠰᠦᠨ ᠳᠤᠨᠢ ᠣᠷᠣᠰᠢᠵᠤ ᠪᠠᠶᠢᠭ᠎ᠠ ᠣᠣᠷ ᠰᠣᠶᠣᠯ ᠤᠨ ᠬᠢᠨᠢ ᠬᠦᠴᠦᠰ ᠪᠠᠶᠢᠭ᠎ᠠ᠃ | ᠪᠢᠴᠢᠭ ᠰᠣᠶᠣᠯ ᠤᠨ ᠮᠥᠷ ᠢ ᠬᠥᠭᠡᠭᠡᠵᠦ ᠪᠢᠳᠡᠨ ᠤ ᠠᠬ᠎ᠠ ᠳᠡᠭᠦᠦ ᠬᠡᠳᠦᠭᠦᠯᠡ ᠤᠨᠠᠭᠰᠠᠨ ᠰᠢᠷᠣᠢ ᠤᠤᠭᠤᠭᠰᠠᠨ ᠣᠰᠣᠨ ᠠᠴᠠ ᠪᠠᠨ ᠰᠠᠯᠵᠤ ᠬᠤᠯᠠ | ᠬᠤᠯᠠ ᠶᠠᠪᠤᠵᠠᠭᠠᠭᠰᠠᠨ ᠲᠦᠷᠦᠭᠦᠴᠢ ᠶᠢᠨ ᠵᠠᠭᠤᠨ ᠤ ᠲᠡᠳᠡᠭᠡᠷ ᠣᠨ ᠵᠢᠯ ᠤᠳ ᠲᠤ ᠡᠵᠢ ᠮᠢᠨᠢ ᠳᠠᠩᠳᠠ ᠪᠠᠨ ᠨᠢᠳᠦ ᠴᠢᠷᠮᠠᠭᠢᠯᠭᠦᠢ ᠰᠥᠨᠢ ᠶᠢ ᠨᠢᠭᠡ ᠨᠢᠭᠡ ᠪᠠᠷ | ᠦᠳᠡᠵᠦ ᠪᠠᠶᠢᠭᠰᠠᠨ ᠭᠡᠳᠡᠭ᠃ ᠡᠬᠡ ᠬᠥᠮᠥᠨ ᠤ ᠬᠠᠶᠢᠷ᠎ᠠ ᠶᠢᠨ ᠭᠦᠨ ᠪᠠ ᠰᠠᠨᠠᠯ ᠤᠨ ᠬᠦᠨᠳᠦ ᠶᠢ ᠲᠤᠭᠤᠰᠢᠲᠠᠢ ᠤᠬᠠᠭᠠᠷᠠᠬᠤ ᠨᠠᠰᠣᠨ ᠳᠤ ᠭᠦᠷᠦᠭᠡ ᠦᠭᠡᠢ | ᠬᠤᠶᠢᠨ᠎ᠠ ᠨᠢᠰᠴᠦ ᠴᠡᠷᠪᠡᠭᠡᠳ ᠣᠳᠣᠮᠠᠬᠴᠠ ᠪᠠᠨ ᠨᠢᠳᠦ ᠰᠡᠳᠬᠢᠯ ᠳᠤ ᠮᠢᠨᠢ ᠲᠡᠭᠷᠢ ᠶᠢᠨ ᠬᠢᠵᠠᠭᠠᠷ ᠲᠡᠷᠲᠡᠭᠡ ᠬᠤᠯᠠ ᠶᠢᠨ ᠡᠲᠡᠭᠡᠳ ᠦᠵᠡᠮᠵᠢ ᠯᠡ ᠭᠠᠵᠠᠷ ᠠᠪᠴᠤ | ᠪᠠᠶᠢᠵᠠᠢ᠃ ᠡᠵᠢ ᠮᠢᠨᠢ ᠲᠡᠷᠡᠦᠬᠡᠨ ᠳᠡᠭᠡᠨ ᠶᠠᠮᠠᠷᠬᠠᠨ ᠶᠡᠭᠡ ᠰᠠᠨᠠᠭᠠᠰᠢᠷᠠᠯ ᠵᠣᠪᠠᠨᠢᠯ ᠤᠨ ᠳᠤᠮᠳᠠ ᠶᠠᠯ᠎ᠠ ᠨᠢᠭᠦᠯ ᠰᠢᠭ ᠴᠠᠭ ᠮᠥᠴᠡ ᠶᠢ ᠮᠢᠨᠦ᠋ᠲ ᠰᠧᠺᠦ᠋ᠨ᠋ᠳ᠋ ᠢᠶᠠᠷ | ᠲᠣᠭᠤᠯᠵᠣ ᠪᠠᠶᠢᠭᠰᠠᠨ ᠪᠢᠯᠡ ᠳ᠋ᠠ᠃ ᠲᠡᠷᠡ ᠶᠡᠭᠡ ᠰᠡᠳᠬᠢᠯ ᠤᠨ ᠬᠠᠯᠠ ᠵᠣᠪᠠᠯ ᠢ ᠬᠤᠯᠠ ᠬᠤᠵᠢᠮ ᠨᠢ ᠥᠬᠢᠨ ᠢᠶᠠᠨ ᠠᠩᠬ᠎ᠠ ᠤᠳᠠᠭ᠎ᠠ ᠳᠡᠭᠡᠳᠦ ᠳᠣᠮᠳᠠᠳᠣ | ᠰᠤᠷᠭᠠᠭᠤᠯᠢ ᠳᠤ ᠶᠠᠪᠤᠭᠤᠯᠤᠭᠠᠳ ᠠᠷᠤ ᠭᠡᠷ ᠲᠡᠭᠡᠨ ᠰᠡᠳᠬᠢᠯ ᠭᠤᠩᠰᠦ᠋ᠢᠵᠤ ᠬᠤᠴᠣᠷᠤᠭᠰᠠᠨ ᠲᠡᠳᠡᠭᠡᠷ ᠡᠳᠦᠷ ᠤᠳ ᠲᠤ ᠯᠠ ᠰᠠᠶ᠋ᠢ ᠪᠢᠳᠡ ᠬᠤᠶᠠᠭᠤᠯᠠ | ᠠᠳᠠᠯᠢᠬᠠᠨ ᠠᠮᠰᠠᠵᠤ ᠰᠢᠨᠠᠯᠵᠤ᠂ ᠪᠠᠰᠠ ᠠᠮᠲᠠᠯᠠᠵᠤ ᠵᠢᠷᠭᠠᠵᠤ ᠶᠠᠪᠤᠭᠰᠠᠨ ᠪᠠᠶᠢᠯ᠎ᠠ᠃ ᠰᠤᠷᠤᠯᠭ᠎ᠠ ᠬᠢᠴᠢᠶᠡᠯ ᠳᠤ ᠰᠢᠮᠳᠠᠵᠤ ᠶᠠᠪᠤᠭᠰᠠᠨ ᠬᠡᠦᠬᠡᠳ ᠵᠠᠯᠠᠭᠤ ᠲᠡᠷᠡ | ᠭᠢᠷᠢᠨ᠎ᠡ ᠪᠠᠨ ᠡᠪᠦᠯ ᠵᠣᠨ ᠤ ᠠᠮᠠᠷᠠᠯᠲᠠ ᠪᠣᠯᠣᠮᠠᠭᠴᠠ ᠠᠷᠤ ᠭᠡᠷ ᠤᠷᠤᠭᠤ ᠪᠠᠨ ᠱᠤᠤᠭᠢᠵᠤ ᠨᠢᠰᠦᠭᠰᠡᠨ ᠪᠣᠯᠵᠣᠮᠣᠷ ᠰᠢᠭ᠋ ᠬᠤᠷᠠᠵᠤ ᠢᠷᠡᠭᠡᠳ ᠬᠦᠯᠢᠶᠡᠵᠦ | ᠴᠥᠬᠦᠭᠰᠡᠨ ᠡᠵᠢ ᠶᠢᠨ ᠢᠶᠠᠨ ᠰᠡᠳᠬᠢᠯ ᠢ ᠨᠢᠭᠡᠨ ᠤᠳᠠᠭ᠎ᠠ ᠪᠠᠶᠠᠷᠯᠠᠭᠤᠯᠵᠤ ᠠᠮᠤᠷᠵᠢᠭᠤᠯᠵᠤ ᠪᠠᠶᠢᠭᠰᠠᠨ ᠨᠢ ᠦᠨᠡᠨ᠃ ᠡᠬᠡ ᠦᠷ᠎ᠡ ᠶᠢᠨ ᠬᠠᠶᠢᠷ᠎ᠠ ᠭᠡᠭᠴᠢ ᠶᠡᠷᠦ ᠨᠢ | ᠦᠯᠦ ᠦᠵᠡᠭᠳᠡᠬᠦ ᠠᠮᠢᠳᠤ ᠶᠢᠨ ᠵᠠᠶᠠᠭᠠᠨ ᠤ ᠠᠯᠲᠠᠨ ᠤᠲᠠᠰᠤ ᠪᠠᠷ ᠬᠤᠯᠪᠣᠵᠤ ᠲᠠᠯᠪᠢᠭᠰᠠᠨ ᠠᠷᠢᠭᠤᠨ ᠳᠠᠷᠬᠠᠨ ᠤᠶᠠᠭ᠎ᠠ ᠶᠤᠮ ᠦᠦ᠂ ᠠᠰᠢᠳᠠ ᠶᠢᠨ ᠪᠠᠲᠤ ᠵᠠᠩᠭᠢᠶ᠎ᠠ | ᠶᠤᠮ ᠦᠦ᠃ ᠲᠡᠶᠢᠨ ᠬᠦ ᠮᠣᠩᠭᠤᠯ ᠬᠥᠮᠥᠨ ᠲᠦᠷᠦᠭᠰᠡᠨ ᠨᠤᠲᠤᠭ᠂ ᠲᠦᠷᠦ ᠭᠦᠷᠦᠨ ᠬᠤᠶᠠᠷ ᠢᠶᠠᠨ ᠡᠬᠡ ᠬᠥᠮᠥᠨ ᠲᠠᠢ ᠵᠦᠢᠷᠯᠡᠵᠦ ︽ᠡᠬᠡ ᠨᠤᠲᠤᠭ︾ ︽ᠡᠬᠡ | ᠤᠯᠤᠰ︾ ᠬᠡᠮᠡᠳᠡᠭ ᠨᠢ ᠲᠦᠮᠡᠨ ᠵᠦᠢ ᠶᠤᠮ ᠠ᠋᠃ | ᠰᠠᠯᠵᠤ ᠤᠳᠠᠭᠰᠠᠨ ᠦᠷ᠎ᠡ ᠶᠢᠨ ᠭᠠᠭᠴᠠ ᠥᠬᠢᠨ ᠢᠶᠠᠨ ᠲᠣᠰᠬᠤ ᠪᠠᠷ ᠶᠠᠪᠤᠭ᠎ᠠ ᠮᠢᠨᠤ ᠵᠢᠷᠦᠬᠡ ᠨᠠᠮᠤᠷ ᠤᠨ ᠪᠠᠶᠢᠭᠠᠯᠢ ᠰᠢᠭ᠋ ᠵᠢᠷᠭᠢᠵᠦ ᠨᠠᠮᠤᠷ ᠤᠨ ᠳᠡᠯᠡᠬᠡᠢ | ᠰᠢᠭ ᠤᠶᠠᠩᠭᠠᠷᠠᠨ᠎ᠠ᠃ ᠬᠤᠷᠢᠭᠠᠳ ᠵᠢᠯ ᠤᠨ ᠡᠮᠦᠨᠡᠬᠢ ᠡᠬᠡ ᠣᠷᠣᠨ ᠤ ᠪᠠᠨ ᠲᠡᠷᠡ ᠨᠠᠮᠤᠷ᠂ ᠬᠤᠩᠭᠤᠷ ᠥᠬᠢᠨ ᠢᠶᠠᠨ ᠪᠢ ᠬᠥᠲᠥᠯᠵᠦ ᠪᠠᠭ᠎ᠠ ᠰᠤᠷᠭᠠᠭᠤᠯᠢ ᠶᠢᠨ | ᠡᠭᠦᠳᠡ ᠶᠢ ᠨᠢ ᠠᠯᠬᠤᠭᠤᠯᠵᠤ ᠪᠢᠯᠡ᠃ ᠪᠢᠴᠢᠭ ᠤᠨ ᠤᠯᠠᠭᠠᠨ ᠪᠣᠭᠴᠣ ᠪᠠᠨ ᠮᠥᠷᠥᠯᠡᠭᠡᠳ ᠬᠢᠴᠢᠶᠡᠯ ᠤᠨ ᠭᠡᠷ ᠤᠷᠤᠭᠤ ᠪᠠᠨ ᠳᠡᠷᠪᠡᠵᠦ ᠳᠡᠭᠳᠡᠭᠡᠨᠡᠭᠡᠳ ᠣᠲᠣᠭᠰᠠᠨ | ᠠᠯᠢᠶ᠎ᠠ ᠨᠢᠯᠬ᠎ᠠ ᠪᠠᠷ᠎ᠠ ᠶᠢ ᠨᠢ ᠬᠠᠷᠠᠭᠰᠠᠭᠠᠷ ᠵᠣᠬᠰᠣᠬᠤ ᠳᠤ ᠨᠠᠮᠤᠭᠤᠬᠠᠨ ᠲᠤᠨᠤᠷᠠᠭᠰᠠᠨ ᠨᠠᠮᠤᠷ ᠤᠨ ᠪᠠᠶᠢᠭᠠᠯᠢ ᠨᠠᠳᠠ ᠶᠠᠭᠤ ᠨᠢᠭᠡ ᠶᠠᠭᠤᠮ᠎ᠠ ᠶᠢ ᠰᠢᠪᠡᠨᠡᠬᠦ ᠰᠢᠭ | ᠨᠢᠭᠤᠴᠠᠭᠠᠢ᠂ ᠰᠡᠪᠰᠡᠭᠡᠷ ᠴᠠᠭᠠᠨ ᠡᠭᠦᠯᠡᠰ ᠨᠢ ᠰᠡᠷᠢᠭᠦᠨ ᠬᠥᠬᠡ ᠲᠡᠭᠷᠢ ᠳᠡᠭᠡᠨ ᠲᠠᠷᠬᠠᠵᠤ᠂ ᠰᠡᠯᠡᠭᠦᠨ ᠠᠭᠤᠵᠢᠮ ᠪᠢᠴᠢᠬᠠᠨ ᠪᠠᠯᠭᠠᠰᠤᠨ ᠤ ᠰᠡᠷᠭᠦᠯᠡᠩ | ᠥᠷᠯᠥᠭᠡ ᠶᠢᠨ ᠠᠮᠢᠰᠬᠤᠯ ᠳᠤ ᠶᠠᠭᠤᠮ᠎ᠠ ᠪᠦᠭᠦᠨ ᠠᠨᠢᠷ ᠦᠭᠡᠢ ᠤᠮᠪᠠᠨ ᠵᠢᠷᠭᠠᠬᠤ ᠮᠡᠲᠦ ᠠ᠋ ᠁ ᠲᠡᠭᠡᠭᠦ ᠳᠤ ᠥᠬᠢᠨ ᠮᠢᠨᠢ ᠨᠠᠳᠠ ᠤᠷᠤᠭᠤ ᠡᠷᠭᠢᠵᠦ ᠨᠢᠭᠡ | ᠬᠠᠷᠠᠭᠠᠳ ᠢᠨᠢᠶᠡᠭᠰᠡᠨ ᠢᠶᠠᠨ ᠣᠯᠠᠨ ᠬᠡᠦᠬᠡᠳ ᠤᠨ ᠰᠦᠷᠦᠭ ᠲᠤ ᠨᠡᠶᠢᠯᠡᠵᠦ ᠬᠢᠴᠢᠶᠡᠯ ᠤᠨ ᠭᠡᠷ ᠲᠡᠭᠡᠨ ᠣᠷᠣᠵᠤ ᠶᠠᠪᠤᠯ᠎ᠠ᠃ ᠬᠥᠮᠥᠨ ᠲᠥᠷᠥᠯᠬᠢᠲᠡᠨ ᠤ ᠪᠢᠴᠢᠭ | ᠰᠣᠶᠣᠯ᠂ ᠪᠢᠯᠢᠭ ᠡᠷᠳᠡᠮ᠂ ᠬᠥᠮᠦᠵᠢᠯ ᠪᠣᠯᠪᠠᠰᠤᠷᠠᠯ ᠤᠨ ᠠᠯᠲᠠᠨ ᠬᠠᠳᠠᠪᠴᠢ ᠶᠢ ᠠᠩᠬ᠎ᠠ ᠠᠯᠬᠤᠭᠰᠠᠨ ᠠᠯᠳᠠᠷᠠᠶᠢᠬᠠᠨ ᠥᠬᠢᠨ ᠤ ᠪᠠᠨ ᠠᠷᠤ ᠠᠴᠠ ᠨᠢ ᠬᠠᠷᠠᠭᠰᠠᠭᠠᠷ | ᠵᠣᠭᠰᠣᠭᠰᠠᠨ ᠢᠶᠠᠨ ᠪᠢ ᠠᠯᠪᠠᠨ ᠭᠡᠷ ᠤᠷᠤᠭᠤ ᠪᠠᠨ ᠠᠭᠠᠵᠢᠮ ᠪᠤᠴᠠᠯ᠎ᠠ᠃ ᠡᠳᠦᠭᠡ ᠵᠠᠯᠠᠭᠤᠬᠠᠨ ᠲᠡᠷᠡ ᠨᠠᠮᠤᠷ ᠬᠤᠯᠠ ᠶᠠᠪᠤᠵᠠᠢ᠃ ᠭᠡᠶ᠎ᠡ᠂ ᠡᠷᠪᠡᠰ ᠳᠠᠷᠪᠠᠰ | ᠭᠦᠶᠦᠵᠦ ᠡᠯᠳᠡᠪ ᠳᠦᠷᠰᠦᠭᠦᠢ ᠲᠣᠭᠯᠠᠵᠤ ᠪᠠᠶᠢᠭᠰᠠᠨ ᠠᠯᠢᠶ᠎ᠠ ᠮᠠᠭᠤ ᠵᠢᠭᠠᠯ ᠦᠷ᠎ᠡ ᠮᠢᠨᠢ ᠡᠷᠳᠡᠮ ᠰᠣᠶᠣᠯ ᠤᠨ ᠡᠷᠳᠡᠨᠢᠲᠦ ᠡᠭᠦᠳᠡ ᠪᠠᠷ ᠣᠷᠣᠵᠤ ᠶᠠᠪᠤᠭᠠᠳ ᠨᠢᠭᠡ | ᠮᠡᠳᠡᠬᠦ ᠳᠤ ᠠᠯᠤᠰ ᠳᠠᠯᠠᠢ ᠶᠢᠨ ᠴᠠᠭᠠᠨ᠎ᠠ ᠠᠴᠠ ᠢᠷᠡᠵᠦ ᠶᠠᠪᠤᠨ᠎ᠠ ᠭᠡᠵᠦ ᠪᠤᠳᠣᠬᠤ ᠠᠴᠠ ᠣᠨ ᠵᠢᠯ ᠳᠡᠩᠳᠡᠭᠦᠦ ᠲᠦᠷᠭᠡᠨ ᠤᠷᠤᠰᠤᠭᠰᠠᠨ ᠰᠢᠭ᠋ ᠠᠲᠠᠯ᠎ᠠ ᠪᠠᠨ ᠪᠠᠰᠠ | ᠮᠠᠰᠢ ᠣᠷᠲᠣ ᠤᠳᠠᠭᠠᠨ ᠥᠩᠭᠡᠷᠡᠭᠰᠡᠨ ᠭᠡᠮᠡᠷ ᠰᠠᠨᠠᠭᠳᠠᠨ᠎ᠠ᠃ | ᠲᠡᠷᠭᠡᠨ ᠤ ᠴᠣᠩᠬᠤ ᠪᠠᠷ ᠬᠠᠷᠠᠭᠰᠠᠭᠠᠷ ᠶᠠᠪᠤᠬᠤ ᠳᠤ ᠦᠵᠦᠮᠦᠴᠢᠨ ᠤ ᠮᠢᠨᠢ ᠥᠷᠭᠡᠨ ᠲᠠᠯ᠎ᠠ ᠨᠢ ᠲᠠᠩᠰᠤᠭ ᠨᠠᠮᠤᠷ ᠤᠨ ᠲᠣᠰᠣᠨ ᠵᠢᠷᠤᠭ ᠤᠨ ᠣᠷᠲᠣ | ᠡᠪᠬᠡᠮᠡᠯ ᠢᠶᠠᠨ ᠳᠡᠯᠭᠡᠵᠦ ᠶᠠᠭᠠᠷᠠᠨ᠎ᠠ᠃ ᠡᠬᠡ ᠨᠤᠲᠤᠭ ᠴᠢᠨᠢ᠂ ᠡᠬᠡ ᠣᠷᠣᠨ ᠴᠢᠨᠢ ᠡᠩᠬᠡ ᠲᠤᠩᠬ᠎ᠠ᠂ ᠡᠯᠪᠡᠭ ᠪᠠᠶᠠᠨ ᠨᠠᠮᠤᠷ ᠢᠶᠠᠨ ᠤᠭᠲᠤᠵᠤ ᠪᠠᠶᠢᠨ᠎ᠠ᠃ | ᠡᠶᠡᠪᠡᠷᠭᠦᠦ ᠡᠨᠡᠬᠡᠨ ᠴᠠᠭ ᠮᠥᠴᠡ ᠳᠤ ᠡᠭᠦᠷᠢᠳᠡ ᠶᠢᠨ ᠲᠦᠰᠢᠭ ᠡᠵᠢ ᠠᠪᠤ ᠴᠢᠨᠢ ᠡᠯᠢᠭᠡᠨ ᠤ ᠡᠮᠲᠡᠷᠬᠡᠢ ᠴᠢᠮ᠎ᠠ ᠪᠠᠨ ᠲᠣᠰᠬᠤ ᠭᠡᠵᠦ ᠨᠠᠰᠤᠳᠠ ᠪᠠᠨ ᠵᠢᠷᠭᠠᠵᠤ | ᠬᠠᠨᠤᠮᠠ ᠦᠭᠡᠢ ᠨᠠᠮᠤᠷ ᠤᠨ ᠰᠠᠶᠢᠬᠠᠨ ᠵᠢᠷᠤᠭ ᠤᠨ ᠳᠣᠲᠣᠷ᠎ᠠ ᠶᠠᠭᠠᠷᠠᠵᠤ ᠳᠣᠭᠳᠣᠯᠵᠤ ᠶᠠᠪᠤᠨ᠎ᠠ᠃ | ᠠᠶ᠎ᠠ᠂ ᠡᠨᠡ ᠨᠠᠮᠤᠷ᠂ ᠡᠬᠡ ᠣᠷᠣᠨ ᠤ ᠮᠢᠨᠢ ᠨᠠᠮᠤᠷ ᠠ᠋᠂ ᠦᠵᠡᠰᠬᠦᠯᠡᠩᠲᠦ ᠨᠠᠮᠤᠷ ᠤᠨ ᠳᠣᠲᠣᠷᠠᠬᠢ ᠠᠮᠢᠳᠤ ᠵᠢᠷᠤᠭ ᠨᠢ ᠪᠣᠯᠵᠤ ᠬᠦᠷᠴᠦ ᠢᠷᠡᠬᠦ ᠡᠩᠬᠦᠷᠡᠢ | ᠮᠢᠨᠤ ᠥᠬᠢᠨ᠂ ᠢᠷᠦᠭᠡᠯ ᠵᠠᠶᠠᠭᠠᠨ ᠤ ᠮᠢᠨᠢ ᠬᠠᠶᠢᠷ᠎ᠠ ᠶᠢᠨ ᠨᠠᠮᠤᠷ ᠠ᠋᠃ ᠡᠬᠡ ᠣᠷᠣᠨ ᠤ ᠮᠢᠨᠢ ᠨᠠᠮᠤᠷ᠂ ᠡᠩᠬᠡ ᠠᠮᠤᠭᠤᠯᠠᠩ ᠨᠠᠮᠤᠷ ᠠ᠋᠂ ᠠᠨᠢᠷ ᠴᠢᠮᠡᠭᠡ ᠦᠭᠡᠢ | ᠦᠷᠭᠦᠯᠵᠢᠯᠡᠭᠰᠡᠨ ᠠᠭᠤᠳᠠᠮ ᠳᠥᠯᠭᠡᠨ ᠦᠵᠦᠮᠦᠴᠢᠨ ᠤ ᠶᠡᠭᠡ ᠲᠠᠯ᠎ᠠ ᠰᠢᠭ᠋ ᠠᠮᠢᠳᠤᠷᠠᠯ ᠤᠨ ᠰᠠᠶᠢᠬᠠᠨ ᠢ᠂ ᠠᠮᠢ ᠨᠠᠰᠣᠨ ᠤ ᠪᠣᠷᠣᠭᠵᠢᠭᠤᠨ ᠢ᠂ ᠦᠢᠯᠡᠰ | ᠬᠥᠭᠡᠭᠡᠴᠡᠯᠳᠦᠯ ᠤᠨ ᠡᠷᠬᠢᠮ ᠢ ᠁ ᠠᠯᠢᠪᠠ ᠠᠷᠢᠭᠤᠨ ᠳᠡᠭᠡᠳᠦ ᠢᠲᠡᠭᠡᠯ ᠪᠢᠰᠢᠷᠡᠯ᠂ ᠬᠠᠶᠢᠷ᠎ᠠ ᠬᠦᠰᠡᠯᠡᠩ᠂ ᠤᠳᠬ᠎ᠠ ᠴᠢᠨᠠᠷ ᠪᠦᠭᠦᠨ ᠢ ᠠᠭᠤᠯᠤᠭᠰᠠᠨ | ᠠᠯᠳᠠᠩᠬᠠᠨ ᠨᠠᠮᠤᠷ ᠪᠠᠶᠢᠨᠠᠮ᠃ | |