ᠨᠤᠲᠤᠭ ᠲᠠᠭᠠᠨ ᠶᠠᠪᠤᠭᠠᠳ ᠢᠷᠡᠯ᠎ᠡ
ᠨᠡᠶᠢᠲᠡᠯᠡᠭᠰᠡᠨ ᠴᠠᠭ᠄
2024/12/12
       6 ᠰᠠᠷ᠎ᠠ ᠶᠢᠨ 8 ᠤ ᠥᠷᠯᠥᠭᠡ᠃       - ᠮᠠᠷᠭᠠᠰᠢ ᠭᠡᠳᠤ ᠭᠡᠵᠦ ᠬᠥᠳᠡᠯᠬᠦ ᠤᠤ︖       - ᠥᠷᠯᠥᠭᠡᠨ ᠤ ᠰᠡᠷᠢᠭᠦᠨ ᠳᠤ ᠲᠦᠰᠦᠲᠡᠢ ᠬᠥᠳᠡᠯᠪᠡᠯ ᠵᠠᠮ ᠬᠤᠷᠣᠭᠠᠬᠤ ᠨᠢ ᠢᠯᠡᠭᠦᠦ ᠪᠠᠶᠢᠬ᠎ᠠ ᠁       ᠮᠢᠩᠭᠠᠨ ᠭᠠᠵᠠᠷ ᠤᠨ ᠠᠯᠤᠰ ᠲᠤ ᠪᠠᠶᠢᠭ᠎ᠠ ᠨᠤᠲᠤᠭ ᠢᠶᠠᠨ ᠵᠣᠷᠢᠬᠤ ᠶᠢᠨ ᠡᠮᠦᠨ᠎ᠡ ᠣᠷᠣᠢ ᠠᠪᠤ ᠡᠵᠢ ᠪᠢᠳᠡ ᠭᠤᠷᠪᠠᠭᠤᠯᠠ ᠶᠢᠨ ᠳᠠᠩᠳᠠ ᠶᠠᠷᠢᠯᠴᠠᠳᠠᠭ ᠵᠣᠭᠤᠭ ᠭᠡᠵᠦ ᠡᠨᠡ ᠳ᠋ᠧ᠃ ᠦᠷ᠎ᠡ ᠶᠢᠨ ᠭᠠᠭᠴᠠ ᠵᠢᠯᠣᠭᠤᠴᠢ ᠬᠡᠦᠬᠡᠨ ᠢᠶᠠᠨ ᠨᠠᠷᠠ ᠬᠠᠯᠠᠬᠤ ᠠᠴᠠ ᠡᠮᠦᠨ᠎ᠡ ᠵᠣᠷᠢᠭᠰᠠᠨ ᠭᠠᠵᠠᠷ ᠲᠠᠭᠠᠨ ᠣᠴᠢᠴᠢᠬᠠᠪᠠᠯ ᠵᠦᠳᠡᠷᠡᠬᠦ ᠦᠭᠡᠢ ᠪᠠᠶᠢᠯᠭᠦᠢ ᠭᠡᠵᠦ ᠪᠤᠳᠤᠬᠰᠠᠨ ᠤ ᠬᠢ ᠤᠤ ᠡᠰᠡᠬᠦᠯ᠎ᠡ 92 ᠤᠨ ᠥᠨᠳᠥᠷ ᠨᠠᠰᠤ ᠶᠢ ᠵᠣᠭᠤᠭᠯᠠᠭᠰᠠᠨ ᠪᠤᠶᠠᠨᠲᠠᠢ ᠪᠤᠭᠤᠷᠤᠯ ᠡᠵᠢ ᠲᠠᠢ ᠪᠠᠨ ᠬᠤᠷᠳᠤᠬᠠᠨ ᠵᠣᠯᠭᠠᠬᠤ ᠶᠤᠮᠰᠠᠨ ᠭᠡᠵᠦ ᠬᠦᠰᠡᠨ ᠮᠥᠷᠥᠭᠡᠳᠦᠭᠰᠡᠨ ᠬᠦᠦ ᠶᠢᠨ ᠰᠡᠳᠬᠢᠯ ᠴᠤ ᠪᠠᠶᠢᠭ᠎ᠠ ᠪᠣᠯᠪᠠ ᠤᠤ ᠭᠡᠵᠦ ᠪᠢ ᠰᠡᠮᠭᠡᠨ ᠪᠤᠳᠤᠯ᠎ᠠ᠃        ᠭᠦᠭᠡᠬᠤᠲᠠ ᠠᠴᠠ ᠠᠪᠠᠭ᠎ᠠ ᠬᠤᠰᠢᠭᠤ ᠭᠦᠷᠲᠡᠯ᠎ᠡ 550 ᠭᠠᠷᠤᠢ ᠺᠢᠯᠣᠮᠧᠲᠷ ᠵᠠᠢ ᠲᠠᠢ᠂ ᠠᠪᠤ ᠡᠵᠢ ᠪᠢᠳᠠ ᠭᠤᠷᠪᠠᠭᠤᠯᠠ ᠡᠨᠡ ᠵᠠᠮ ᠢᠶᠠᠷ ᠵᠥᠩᠳᠡᠭᠡᠨ ᠶᠠᠪᠤᠭᠰᠠᠨ᠃ ᠡᠨᠡ ᠤᠳᠠᠭ᠎ᠠ ᠮᠥᠨ ᠯᠡ ᠪᠣᠭᠳᠠ ᠠᠭᠤᠯᠠ ᠶᠢᠨ ᠢᠶᠠᠨ ᠡᠭᠦᠯᠡᠨ ᠰᠠᠴᠤᠭ ᠲᠤ ᠳᠠᠯᠠᠯᠤᠭᠤᠯᠵᠤ᠂ ᠤᠶᠢᠳᠠᠢ ᠶᠠᠳᠠᠷᠠᠭ᠎ᠠ ᠲᠠᠢ ᠠᠵᠢᠯ ᠤᠨ ᠴᠢᠭᠲᠠᠭᠠᠨ  ᠠᠴᠠ ᠠᠯᠳᠠᠭᠤᠷᠠᠵᠦ᠂ ᠬᠤᠨᠤᠭ ᠲᠣᠭᠠᠯᠠᠨ ᠬᠦᠯᠢᠶᠡᠭᠰᠡᠨ ᠨᠠᠭᠠᠳᠤᠮ ᠤᠨ ᠴᠡᠩᠭᠡᠬᠦᠨ ᠳᠤ ᠪᠠᠶᠠᠰᠬᠤ ᠪᠠᠷ ᠠᠪᠤ ᠡᠵᠢ ᠪᠢᠳᠠ ᠭᠤᠷᠪᠠ ᠨᠤᠲᠤᠭ ᠤᠨ ᠢᠶᠠᠨ ᠵᠦᠭ ᠰᠠᠯᠬᠢ ᠲᠠᠲᠠᠭᠤᠯᠤᠨ ᠭᠠᠯᠭᠢᠭᠤᠯᠤᠯ᠎ᠠ᠃ ᠬᠥᠭᠰᠡᠯ ᠢᠶᠠᠨ ᠳᠠᠷᠤᠵᠤ ᠶᠠᠳᠠᠭᠰᠠᠨ ᠮᠠᠨ ᠤ ᠭᠤᠷᠪᠠ ᠤᠯᠠᠨ ᠰᠢᠪᠠᠭᠤ ᠨᠢᠭᠡ ᠨᠠᠭᠤᠷ ᠲᠤ ᠪᠠᠭᠤᠭᠰᠠᠨ ᠭᠡᠮᠡᠷ ᠥᠪᠡᠷ ᠥᠪᠡᠷ ᠤᠨ   ᠬᠢ ᠪᠠᠨ ᠶᠠᠷᠢᠵᠤ ᠳᠦᠷᠭᠢᠯᠳᠦᠨ᠂ ᠲᠠᠯᠠᠨ ᠬᠠᠷ᠎ᠠ ᠶᠢ ᠲᠠᠪᠠᠨ᠂ ᠤᠯᠠᠭᠠᠨᠬᠤᠸᠠ ᠶᠢ ᠥᠩᠭᠡᠷᠡᠭᠡᠳ ᠰᠠᠶᠢᠬᠠᠨᠲᠠᠯ᠎ᠠ ᠬᠦᠷᠬᠦ ᠲᠠᠢ ᠵᠡᠷᠭᠡ ᠨᠠᠮᠤᠷ ᠤᠨ ᠬᠥᠬᠡ ᠠᠷᠭᠠᠯ ᠭᠡᠮᠡᠷ ᠬᠠᠶᠠ ᠠᠳᠡ ᠲᠡᠨᠳᠡ ᠬᠠᠷᠠᠭᠳᠠᠬᠤ ᠪᠤᠳᠠ ᠰᠣᠨᠳᠤᠤᠯᠠ ᠠᠴᠠ ᠥᠭᠡᠷ᠎ᠡ ᠨᠣᠭᠤᠭᠠᠨ ᠶᠠᠭᠤᠮ᠎ᠠ ᠳᠡᠮᠡᠢ ᠬᠠᠷᠠᠭᠳᠠᠬᠤ ᠦᠭᠡᠢ ᠭᠠᠩ ᠲᠠᠢ ᠵᠤᠨ ᠤ ᠲᠠᠯ᠎ᠠ ᠶᠢ ᠬᠠᠷᠠᠭᠠᠳ ᠬᠤᠷᠤᠮᠬᠠᠨ ᠵᠠᠭᠤᠷ᠎ᠠ ᠨᠠᠮ ᠣᠴᠢᠪᠠ᠃ ᠭᠠᠶᠢᠬᠠᠰᠢᠷᠠᠯ ᠪᠤᠶᠤ ᠤᠢ ᠭᠠᠰᠢᠭᠤ ᠬᠡᠨ ᠬᠡᠨ ᠤ ᠬᠢᠨᠢ ᠴᠢᠷᠠᠢ ᠳᠡᠭᠡᠷ᠎ᠡ ᠢᠯᠡ᠃ ᠳᠡᠯᠭᠡᠷ ᠵᠤᠨ ᠤ ᠨᠠᠮᠢᠷᠠᠭ᠎ᠠ ᠬᠤᠷ᠎ᠠ ᠶᠢᠨ ᠪᠤᠭᠤᠷᠤᠯ ᠲᠤᠰᠤᠯ ᠢ ᠴᠡᠴᠡᠭᠡᠰ ᠢᠶᠠᠷ ᠢᠶᠠᠨ ᠲᠤᠰᠤᠨ ᠮᠥᠩᠬᠡ ᠬᠥᠬᠡ ᠲᠡᠭᠷᠢ ᠶᠢᠨ ᠢᠶᠠᠨ ᠳᠣᠣᠷ᠎ᠠ ᠠᠭᠤᠵᠢᠷᠠᠨ ᠨᠠᠯᠠᠶᠢᠳᠠᠭ ᠴᠡᠩᠬᠡᠷ ᠬᠠᠩᠭᠠᠢ ᠲᠠᠮᠤᠴᠢ ᠶᠢᠨ ᠲᠠᠯ᠎ᠠ ᠡᠳᠦᠭᠡ ᠨᠤᠷᠮᠠᠨ ᠭᠠᠯ ᠤᠨ ᠢᠯᠴᠢ ᠲᠠᠢ ᠴᠤᠭ ᠰᠢᠭ᠋ ᠤᠯᠠᠭᠠᠨ ᠬᠠᠯᠴᠠᠭᠠᠢ᠃        - ᠳᠠᠯᠠ ᠨᠠᠶᠠᠭᠠᠳ ᠣᠨ ᠤ ᠦᠶ᠎ᠡ ᠪᠠᠷ ᠭᠦᠭᠡᠬᠤᠲᠠ ᠠᠴᠠ ᠭᠤᠷᠪᠠ ᠳᠦᠷᠪᠡᠨ ᠡᠳᠦᠷ ᠶᠠᠪᠤᠵᠤ ᠪᠠᠶᠢᠮᠠᠨᠵᠢᠨ ᠰᠠᠶ᠋ᠢ ᠨᠤᠲᠤᠭ ᠭᠦᠷᠳᠡᠭ ᠪᠠᠶᠢᠭᠰᠠᠨ᠂ ᠤᠳᠤ ᠴᠤ ᠡᠳᠦᠷ ᠤᠨ ᠵᠠᠮ ᠪᠣᠯᠴᠢᠬᠠᠵᠠᠢ ᠭᠡᠵᠦ ᠠᠪᠤ ᠮᠢᠨᠢ ᠵᠠᠯᠠᠭᠤ ᠶᠢᠨ ᠦᠶ᠎ᠡ ᠪᠠᠨ ᠳᠤᠷᠠᠰᠤᠨ ᠶᠠᠷᠢᠵᠤ᠂ ᠨᠠᠮ ᠬᠥᠮ ᠪᠠᠶᠢᠳᠠᠯ ᠢ ᠡᠪᠳᠡᠪᠡᠯ᠂ ᠡᠵᠢ᠄        - ᠬᠤᠵᠢᠷ ᠤᠨ ᠠᠭᠤᠷᠬᠠᠢ ᠠᠴᠠ ᠵᠠᠭᠠᠨ ᠤ ᠬᠤᠰᠢᠭᠤ ᠣᠷᠣᠲᠠᠯ᠎ᠠ ᠶᠡᠭᠡ ᠴᠤ ᠶᠠᠪᠤᠳᠠᠭ ᠪᠠᠶᠢᠯ᠎ᠠ ᠰᠢᠤ ᠁ ᠭᠡᠵᠦ ᠡᠯᠭᠦᠵᠦ ᠶᠠᠷᠢᠨ᠎ᠠ᠃        ᠭᠠᠩ ᠲᠠᠢ ᠵᠤᠨ ᠤ ᠬᠠᠯᠠᠭᠤᠨ ᠰᠠᠯᠬᠢ ᠪᠠᠷ ᠪᠡᠶ᠎ᠡ ᠪᠠᠨ ᠨᠡᠪᠲᠡ ᠰᠦᠪᠡᠯᠡᠭᠦᠯᠵᠦ᠂ ᠪᠦᠳᠦᠴᠢᠬᠦ ᠪᠦᠳᠦᠭᠦᠨ ᠡᠪᠡᠰᠦ ᠦᠭᠡᠢ ᠲᠠᠯ᠎ᠠ ᠶᠢ ᠬᠠᠷᠠᠭᠰᠠᠭᠠᠷ ᠪᠢ ᠮᠠᠰᠢᠨ ᠤ ᠵᠢᠯᠣᠭᠤ ᠪᠠᠨ ᠴᠢᠩᠭ᠎ᠠ ᠪᠠᠷᠢᠨ᠂ ᠠᠪᠤ ᠡᠵᠢ ᠶᠢᠨ ᠢᠶᠠᠨ ᠰᠡᠳᠬᠢᠯ ᠢ ᠭᠦᠨᠳᠡᠭᠦ ᠠᠴᠠ ᠪᠣᠯᠭᠤᠮᠵᠢᠯᠠᠨ᠂ ᠡᠮᠵᠡᠭᠯᠡᠭᠰᠡᠨ ᠰᠡᠳᠬᠢᠯ ᠢᠶᠠᠨ ᠳᠠᠷᠤᠵᠤ᠂ ᠲᠣᠪ ᠳᠤᠭᠤᠢ ᠳᠠᠪᠬᠢᠭᠤᠯᠤᠯ᠎ᠠ᠃ ᠰᠥᠨᠢᠳ ᠵᠡᠭᠦᠨ ᠬᠤᠰᠢᠭᠤᠨ ᠤ ᠪᠠᠶᠢᠷᠢᠠᠠᠭᠤᠯᠠ ᠶᠢ ᠥᠩᠭᠡᠷᠡᠭᠡᠳ ᠪᠤᠭᠤᠮ ᠤᠨ ᠭᠤᠣᠯ ᠤᠨ ᠬᠠᠵᠠᠭᠤ ᠪᠠᠷ ᠭᠠᠷᠬᠤ ᠳᠤ ᠮᠠᠩᠬᠠᠨ ᠤ ᠨᠠᠭᠠᠨ᠎ᠠ ᠦᠬᠡᠷ ᠬᠤᠨᠢᠳ ᠳᠠᠷᠬᠠᠨ ᠪᠡᠯᠴᠢᠵᠦ᠂ ᠵᠦᠢᠯ ᠪᠦᠷᠢ ᠶᠢᠨ ᠤᠰᠤᠨ ᠤ ᠰᠢᠪᠠᠭᠤᠳ ᠭᠠᠩᠭᠠᠨᠠᠯᠳᠤᠨ᠂ ᠮᠠᠩᠬᠠᠨ ᠳᠡᠭᠡᠷ᠎ᠡ ᠠᠳᠤᠭᠤᠳ ᠲᠠᠪᠠᠲᠠᠶᠢᠬᠠᠨ ᠨᠠᠷᠠᠨ ᠳᠤ ᠡᠭᠡᠭᠡᠵᠦ ᠲᠡᠬᠡᠷᠡᠵᠦ ᠢᠯᠠᠭᠠᠷᠬᠠᠨ᠎ᠠ᠃        ᠦᠳᠡ ᠥᠩᠭᠡᠷᠡᠭᠦᠯᠦᠭᠡᠳ ᠪᠢᠳᠠ ᠵᠣᠷᠢᠭᠰᠠᠨ ᠭᠠᠵᠠᠷ ᠠᠪᠠᠭ᠎ᠠ ᠬᠤᠰᠢᠭᠤᠨ ᠤ ᠴᠠᠭᠠᠨᠨᠠᠭᠤᠷ ᠪᠠᠯᠭᠠᠰᠤᠨ ᠤ ᠤᠯᠠᠭᠠᠨᠲᠤᠶᠠᠭ᠎ᠠ ᠭᠠᠴᠠᠭᠠᠨ ᠳᠠᠬᠢ ᠠᠪᠠᠭ᠎ᠠ  ᠶᠢᠨ ᠳᠠᠭᠠᠨ ᠭᠦᠷᠦᠭᠡᠳ ᠢᠷᠡᠴᠢᠬᠡᠬᠦ ᠨᠢ ᠲᠡᠷᠡ᠃ ᠭᠡᠷ ᠤᠨ ᠵᠡᠭᠦᠨᠲᠡᠭᠦᠷ ᠭᠠᠷᠳᠠᠭ ᠱᠦᠢᠨᠢ ᠵᠠᠮ ᠠᠴᠠ ᠪᠠᠭᠤᠨ᠂ ᠬᠤᠷᠳᠤᠴᠠ ᠪᠠᠨ ᠤᠳᠠᠭᠠᠰᠢᠷᠠᠭᠤᠯᠬᠤ ᠳᠤ ᠬᠤᠶᠢᠯᠤᠭ ᠮᠠᠨᠢ ᠭᠦᠪ ᠭᠦᠪ ᠬᠤᠴᠠᠭᠰᠠᠭᠠᠷ ᠲᠤᠰᠤᠭᠠᠳ ᠢᠷᠡᠯ᠎ᠡ᠃        - ᠬᠤᠶᠢᠯᠤᠭ ᠠ᠋᠂ ᠢᠷᠡᠭᠡ ᠦᠭᠡᠢ ᠤᠳᠠᠬᠤ ᠳᠤ ᠲᠠᠨᠢᠬᠤ ᠪᠠᠨ ᠪᠣᠯᠢᠴᠢᠬᠠᠪᠠ ᠤᠤ︖ᠭᠡᠵᠦ ᠪᠢ ᠭᠤᠮᠤᠳᠤᠩᠭᠤᠢ ᠶᠠᠷᠢᠬᠤ ᠳᠤ ᠬᠤᠶᠢᠯᠤᠭ ᠮᠢᠨᠢ ᠤᠳᠠᠭᠠᠨ ᠡᠳᠦᠷ ᠠᠭᠤᠯᠵᠠᠭ᠎ᠠ ᠦᠭᠡᠢ ᠰᠠᠨᠠᠭ᠎ᠠ ᠪᠠᠨ ᠢᠯᠡᠳᠬᠡᠨ ᠰᠡᠭᠦᠯ ᠢᠶᠠᠨ ᠰᠢᠷᠪᠠᠯᠵᠠᠭᠤᠯᠤᠨ ᠡᠷᠬᠡᠯᠡᠨ᠎ᠡ᠃ ᠰᠠᠳᠤᠨ ᠲᠦᠷᠦᠯ ᠲᠠᠢ ᠪᠠᠨ ᠤᠴᠠᠷᠠᠵᠤ᠂ ᠰᠠᠨᠠᠭᠰᠠᠨ ᠪᠤᠳᠤᠬᠰᠠᠨ ᠢᠶᠠᠨ ᠠᠭᠤᠵᠢᠷᠠᠲᠠᠯ᠎ᠠ ᠶᠠᠷᠢᠯᠴᠠᠨ᠂ ᠦᠳᠡᠯᠦᠭᠡ ᠪᠤᠭᠤᠷᠤᠯ ᠳᠠᠭᠠᠨ ᠡᠷᠬᠡᠯᠡᠨ ᠪᠢᠳᠠ ᠭᠤᠷᠪᠠ ᠰᠡᠳᠬᠢᠯ ᠥᠶᠥᠭ ᠠᠮᠠᠷᠠᠪᠠ᠃        - ᠡᠨᠡ ᠵᠢᠯ ᠵᠢᠭᠠᠬᠠᠨ ᠭᠠᠩ ᠲᠠᠢ ᠭᠡᠵᠦ ᠠᠪᠠᠭ᠎ᠠ ᠮᠢᠨᠢ ᠬᠡᠯᠡᠨ᠎ᠡ᠃ ᠪᠢᠳᠠ ᠭᠤᠷᠪᠠ ᠰᠡᠳᠬᠢᠯ ᠰᠡᠷᠭᠦᠭᠡᠬᠦ ᠭᠡᠵᠦ ᠨᠤᠲᠤᠭ ᠤᠨ ᠢᠶᠠᠨ ᠬᠡᠳᠦᠨ ᠨᠠᠭᠤᠷ ᠲᠣᠭᠤᠷᠢᠮ ᠢᠶᠠᠷ ᠲᠣᠭᠤᠷᠢᠯ᠎ᠠ᠃ ᠲᠡᠭᠡᠭ ᠨᠠᠮᠤᠭ᠂ ᠬᠠᠷᠭᠠᠨᠲᠠᠢ ᠶᠢᠨ ᠤᠰᠤ ᠨᠢ ᠵᠢᠭᠠᠬᠠᠨ ᠲᠠᠲᠠᠭᠤᠷᠠᠭᠰᠠᠨ ᠴᠦ ᠲᠣᠷᠭᠠᠨ ᠨᠣᠭᠤᠭᠠᠨ ᠥᠩᠭᠡ ᠪᠢᠯᠬᠠᠷᠠᠭᠤᠯᠤᠨ᠂ ᠮᠠᠯ ᠰᠦᠷᠦᠭ ᠪᠡᠯᠴᠢᠨ᠂ ᠯᠠᠮᠠ ᠰᠢᠪᠠᠭᠤ᠂ ᠬᠤᠨ ᠭᠠᠯᠠᠭᠤ᠂ ᠲᠣᠭᠤᠷᠤᠤ ᠵᠡᠷᠭᠡ ᠰᠢᠪᠠᠭᠤᠳ ᠡᠭᠦᠷ ᠥᠨᠳᠡᠭᠡ ᠪᠠᠨ ᠬᠠᠷᠠᠮᠨᠠᠨ ᠭᠠᠩᠭᠠᠨᠠᠯᠳᠤᠨ᠎ᠠ᠃        ᠮᠠᠯ ᠤᠨ ᠲᠤᠪᠤ ᠳᠡᠭᠡᠷ᠎ᠡ ᠰᠠᠷᠠᠪᠴᠢᠨ ᠤ ᠪᠣᠷᠣ ᠪᠢᠯᠵᠤᠤᠬᠠᠢ ᠨᠣᠭᠤᠭᠠᠨ ᠡᠪᠡᠰᠦ ᠵᠠᠭᠤᠴᠢᠬᠠᠭᠠᠳ ᠨᠢᠰᠤᠨ ᠳᠡᠪᠳᠡᠷᠢᠬᠦ ᠶᠢ ᠰᠡᠭᠦᠳᠡᠷᠯᠡᠭᠡᠳ ᠡᠵᠢ ᠳᠡᠭᠡᠨ ᠦᠵᠡᠭᠦᠯᠪᠡᠯ᠂        - ᠬᠥᠭᠡᠷᠦᠬᠦᠢ᠂ ᠡᠨᠡ ᠵᠢᠭᠠᠬᠠᠨ ᠠᠮᠢ᠂ ᠦᠷ᠎ᠡ ᠵᠤᠯᠵᠠᠭ᠎ᠠ ᠳᠠᠭᠠᠨ ᠨᠣᠭᠤᠭᠠᠨ ᠤ ᠦᠨᠦᠷ ᠦᠨᠦᠷᠲᠦᠭᠦᠯᠵᠦ ᠪᠠᠶᠢᠭ᠎ᠠ ᠪᠣᠯᠪᠠᠤ︖ᠭᠡᠵᠦ ᠡᠵᠢ ᠮᠢᠨᠢ ᠬᠡᠯᠡᠬᠦ ᠳᠤ᠂        - ᠡᠭᠦᠷ ᠢᠶᠠᠨ ᠵᠠᠰᠠᠨ ᠰᠡᠯᠪᠢᠵᠦ ᠪᠠᠶᠢᠭ᠎ᠠ ᠪᠠᠶᠢᠯᠭᠦᠢ ᠭᠡᠵᠦ ᠠᠪᠤ ᠮᠢᠨᠢ ᠠᠮᠠᠳᠠᠨ ᠬᠡᠯᠡᠭᠡᠳ᠂ ᠮᠢᠨᠤ ᠶᠠᠷᠢᠭᠰᠠᠨ ᠵᠥᠪ ᠰᠢᠦ ᠭᠡᠰᠡᠨ ᠰᠢᠭ ᠨᠠᠮᠠᠶᠢ ᠬᠠᠷᠠᠨ ᠬᠥᠬᠦᠷᠡᠨ᠎ᠡ᠃        ᠠᠯᠠᠭ ᠲᠠᠭᠤ ᠮᠠᠩᠬᠠᠨ ᠭᠦᠷᠪᠡᠯ ᠪᠠᠷᠢᠵᠤ ᠢᠳᠡᠵᠦ ᠪᠠᠶᠢᠭ᠎ᠠ ᠶᠢ ᠪᠢ ᠵᠠᠪᠳᠤᠨ ᠰᠡᠭᠦᠳᠡᠷᠯᠡᠭᠡᠳ ᠪᠠᠰᠠ ᠨᠢᠭᠡ ᠰᠠᠶᠢᠬᠠᠨ ᠰᠡᠭᠦᠳᠡᠷ ᠲᠠᠲᠠᠭᠰᠠᠨ ᠳᠠᠭᠠᠨ ᠤᠯᠵᠠᠭᠤᠷᠬᠠᠨ ᠣᠮᠣᠭᠰᠢᠯ᠎ᠠ᠃ ᠡᠵᠢ ᠠᠪᠤ ᠮᠢᠨᠢ ᠨᠤᠷᠪᠤᠳᠤᠷᠵᠢ᠂ ᠠᠳᠢᠶ᠎ᠠ᠂ ᠪᠠᠳᠮᠠᠼᠤᠤ ᠵᠡᠷᠭᠡ ᠠᠭᠤᠯᠵᠠᠭ᠎ᠠ ᠦᠭᠡᠢ ᠤᠳᠠᠭᠰᠠᠨ ᠬᠠᠭᠤᠴᠢᠨ ᠲᠠᠨᠢᠯ ᠨᠠᠰᠤᠲᠠᠳ  ᠲᠠᠢ  ᠪᠠᠨ ᠠᠭᠤᠯᠵᠠᠵᠤ᠂ ᠬᠠᠭᠤᠴᠢ ᠬᠥᠭᠡᠷᠴᠦ ᠶᠠᠪᠤᠭᠰᠠᠨ ᠳᠠᠭᠠᠨ ᠨᠠᠳᠠ ᠠᠴᠠ ᠢᠯᠡᠭᠦᠦ ᠤᠯᠵᠠᠭᠤᠷᠬᠠᠨ᠎ᠠ᠃        ᠠᠪᠠᠭ᠎ᠠ ᠡᠵᠢ ᠶᠢᠨ ᠮᠢᠨᠢ ᠬᠤᠶᠠᠷ ᠵᠢᠭᠡ ᠣᠮᠪᠣᠯᠣ ᠬᠦᠦ ᠶᠢᠨ ᠰᠡᠪᠡᠯᠭᠡ ᠦᠷᠭᠦᠭᠡᠬᠦ ᠨᠠᠶᠢᠷ ᠲᠣᠭᠲᠠᠭᠰᠠᠨ ᠶᠣᠰᠣᠭᠠᠷ ᠡᠬᠢᠯᠡᠵᠦ᠂ ᠪᠦᠭᠡ ᠶᠢᠨ ᠬᠤᠷᠣᠬᠠᠢ ᠠᠪᠤ᠂ ᠨᠠᠶᠢᠷ ᠤᠨ ᠬᠤᠷᠣᠬᠠᠢ ᠡᠵᠢ᠂ ᠭᠡᠷᠡᠯ ᠵᠢᠷᠤᠭ ᠲᠠᠲᠠᠬᠤ ᠬᠤᠷᠣᠬᠠᠢ ᠪᠢ ᠨᠠᠶᠢᠷ ᠢᠶᠠᠷ ᠨᠢᠭᠡ ᠱᠠᠩᠳᠠᠭᠤᠷᠠᠯ᠎ᠠ᠃ ᠬᠡᠳᠦᠨ ᠲᠤᠰᠤᠯ ᠪᠣᠷᠣᠭᠠᠨ ᠲᠤᠰᠤᠯᠠᠴᠢᠬᠠᠬᠰᠠᠨ ᠰᠡᠷᠢᠭᠦᠬᠡᠨ ᠰᠠᠶᠢᠬᠠᠨ ᠡᠳᠦᠷ᠃ ᠰᠢᠨᠳᠠᠰᠤᠲᠤ ᠭᠦᠯᠦᠭ ᠤᠳ ᠰᠠᠩ ᠡᠷᠭᠢᠨ ᠪᠠᠷᠢᠶᠠᠨ ᠤ ᠭᠠᠵᠠᠷ ᠢ ᠴᠢᠭᠯᠡᠬᠦ ᠳᠤ ᠬᠤᠷᠠᠭᠰᠠᠨ ᠤᠯᠠᠨ ᠴᠤ ᠮᠣᠷᠢᠳ ᠤᠨ ᠬᠤᠶᠢᠨ᠎ᠠ  ᠠᠴᠠ ᠴᠤᠪᠤᠷᠠᠯᠳᠤᠨ᠎ᠠ᠃ ᠬᠦᠳᠡᠷ ᠴᠢᠭᠢᠷᠠᠭ ᠪᠥᠬᠡᠴᠦᠳ ᠴᠡᠭᠡᠵᠢ ᠭᠢᠯᠠᠯᠵᠠᠭᠤᠯᠤᠨ ᠵᠠᠩᠭᠢᠶ᠎ᠠ ᠬᠡᠶᠢᠰᠬᠡᠵᠦ᠂ ᠨᠠᠶᠢᠷ ᠤᠨ ᠲᠠᠯᠠᠪᠠᠢ ᠬᠤᠲᠣᠯᠵᠠᠲᠠᠯ᠎ᠠ ᠳᠡᠪᠢᠨ᠂ ᠬᠦᠴᠦ ᠤᠬᠠᠭᠠᠨ ᠰᠣᠷᠢᠨ ᠪᠠᠷᠢᠯᠳᠤᠬᠤ ᠳᠤ ᠤᠤᠬᠠᠢ ᠬᠠᠰᠬᠢᠷᠤᠯᠲᠠ ᠦᠷᠭᠦᠯᠵᠢᠯᠡᠨ᠎ᠡ᠃ ᠥᠩᠭᠡ ᠥᠩᠭᠡ ᠶᠢᠨ ᠲᠡᠷᠯᠢᠭ ᠢᠶᠠᠷ ᠨᠠᠭᠠᠳᠤᠮ ᠢᠶᠠᠨ ᠴᠢᠮᠡᠭᠰᠡᠨ ᠡᠷᠡᠬᠡᠢ ᠮᠡᠷᠭᠡᠨ ᠬᠠᠷᠪᠤᠭᠠᠴᠢᠳ ᠴᠡᠴᠡ ᠪᠤᠯᠢᠶᠠᠯᠳᠤᠨ ᠡᠷᠳᠡᠮ ᠢᠶᠠᠨ ᠭᠠᠶᠢᠬᠠᠭᠤᠯᠵᠤ᠂ ᠨᠠᠭᠠᠳᠤᠮ ᠰᠠᠶᠢᠬᠠᠨ ᠵᠢᠷᠭᠠᠯ᠎ᠠ᠃        - ᠡᠶᠢᠮᠦ ᠶᠡᠭᠡ ᠨᠠᠶᠢᠷ ᠨᠠᠭᠠᠳᠤᠮ ᠡᠷᠭᠢᠯᠡᠭᠡᠳ ᠣᠯᠣᠭᠰᠠᠨ ᠢᠶᠠᠨ ᠣᠪᠣᠭ᠎ᠠ ᠦᠷᠡᠯ᠎ᠡ᠃ ᠭᠠᠩ ᠲᠠᠢ ᠪᠠᠶᠢᠬᠤ ᠳᠤ ᠮᠥᠩᠭᠦ ᠪᠠᠨ ᠠᠷᠪᠢᠯᠠᠨ ᠨᠠᠶᠢᠷ ᠨᠠᠭᠠᠳᠤᠮ ᠡᠷᠭᠢᠯᠡᠭᠦ ᠦᠭᠡᠢ ᠪᠠᠶᠢᠵᠤ ᠪᠤᠯᠬᠤ ᠦᠭᠡᠢ ᠤᠤ︖ᠭᠡᠵᠦ ᠪᠢ ᠠᠪᠠᠭ᠎ᠠ ᠡᠵᠢ ᠠᠴᠠ ᠪᠠᠨ ᠠᠰᠠᠭᠤᠪᠠ᠃ ᠠᠪᠠᠭ᠎ᠠ ᠡᠵᠢ ᠮᠢᠨᠢ ᠨᠠᠮᠠᠶᠢ ᠤᠳᠠᠲᠠᠯ᠎ᠠ ᠥᠬᠦᠭᠡᠷᠳᠡᠨ ᠰᠢᠷᠳᠡᠭᠰᠡᠨ ᠢᠶᠠᠨ᠂        - ᠪᠣᠷᠣᠭᠠᠨ ᠣᠷᠣᠬᠤ ᠪᠠᠶᠢᠯᠭᠦᠢ ᠳ᠋ᠧ᠃ ᠪᠠᠶᠢᠭᠠᠯᠢ ᠶᠢᠨ ᠭᠠᠮᠰᠢᠭ ᠲᠤ ᠲᠠᠭᠠᠷᠢᠬᠳᠠᠴᠢᠬᠠᠯ᠎ᠠ ᠭᠡᠵᠦ ᠵᠣᠪᠠᠭᠠᠳ ᠨᠠᠭᠠᠳᠤᠮ ᠢᠶᠠᠨ ᠬᠢᠬᠦ ᠪᠠᠨ ᠪᠣᠯᠢᠭᠠᠳ ᠪᠠᠶᠢᠭᠰᠠᠨ ᠪᠣᠯ︽ᠨᠠᠭᠠᠳᠤᠮ ᠤᠨ ᠬᠤᠷᠠᠯ︾ᠭᠡᠬᠦ ᠤᠯᠠᠮᠵᠢᠯᠠᠯᠲᠤ ᠰᠣᠶᠣᠯ ᠮᠢᠨᠢ ᠤᠰᠠᠳᠴᠢᠬᠠᠭᠰᠠᠨ ᠪᠠᠶᠢᠵᠤ ᠮᠡᠳᠡᠨ᠎ᠡ᠃ ᠡᠭᠦᠨ ᠠᠴᠠ ᠢᠯᠡᠭᠦᠦ ᠭᠠᠮᠰᠢᠭ ᠬᠠᠮᠢᠭ᠎ᠠ ᠪᠠᠶᠢᠬᠤ ᠪᠤᠢ︖ᠨᠦᠭᠦᠭᠡ ᠲᠠᠯ᠎ᠠ ᠪᠠᠷ ᠦᠷ᠎ᠡ ᠦᠨᠳᠦᠰᠦ ᠮᠢᠨᠢ ᠡᠩᠬᠡ ᠲᠤᠩᠬ᠎ᠠ᠂ ᠡᠷᠡᠭᠦᠯ ᠰᠠᠷᠠᠭᠤᠯ ᠦᠰᠦᠨ ᠪᠣᠶᠢᠵᠢᠵᠤ ᠪᠠᠶᠢᠨ᠎ᠠ᠃ ᠡᠭᠦᠨ ᠠᠴᠠ ᠢᠯᠡᠭᠦᠦ ᠵᠢᠷᠭᠠᠯ ᠬᠠᠮᠢᠭ᠎ᠠ ᠪᠠᠶᠢᠬᠤ ᠪᠤᠢ︕ᠭᠡᠵᠦ ᠬᠡᠯᠡᠭᠡᠳ ᠨᠠᠮᠠᠶᠢ ᠬᠠᠷᠠᠨ ᠢᠨᠢᠶᠡᠪᠡ᠃ ᠠᠪᠠᠭ᠎ᠠ ᠡᠵᠢ ᠶᠢᠨ ᠮᠢᠨᠢ ᠢᠨᠢᠶᠡᠳᠦ ᠲᠡᠶᠢᠮᠦ ᠯᠡ ᠭᠡᠭᠡ ᠲᠠᠲᠠᠭᠰᠠᠨ ᠠᠰᠪᠤᠷ  ᠴᠠᠶᠢᠯᠭᠠᠨ᠂ ᠬᠦᠯᠢᠴᠡᠩᠭᠦᠢ ᠳᠠᠭᠠᠭᠠᠮᠠᠭᠠᠢ᠂ ᠢᠲᠡᠭᠡᠯ ᠲᠡᠭᠦᠯᠳᠡᠷ᠃        ᠲᠡᠶᠢᠮᠦ ᠠ᠋᠂ ᠪᠠᠶᠢᠭᠠᠯᠢ ᠶᠢᠨ ᠪᠣᠷᠣᠭᠠᠨ ᠣᠷᠣᠬᠤ ᠪᠠᠶᠢᠯᠭᠦᠢ ᠳ᠋ᠧ᠂ ᠵᠣᠪᠠᠭᠠᠳ ᠶᠠᠭᠤᠨ ᠤ ᠨᠡᠮᠡᠷᠢ ᠪᠤᠢ︖ᠬᠡᠳᠦᠨ ᠡᠳᠦᠷ ᠤᠨ ᠭᠠᠩ ᠤᠨ ᠲᠤᠬᠠᠢ ᠭᠦᠨᠳᠡᠭᠦᠷᠡᠭᠰᠡᠨ ᠰᠡᠳᠬᠢᠯ ᠵᠢᠭᠠᠬᠠᠨ ᠴᠤ ᠭᠡᠰᠡᠨ ᠠᠭᠤᠵᠢᠷᠠᠪᠠ᠃ ᠨᠤᠲᠤᠭ ᠢᠶᠠᠨ ᠪᠠᠶᠠᠰᠬᠠᠵᠤ᠂ ᠦᠷᠡᠰ ᠢᠶᠠᠨ ᠪᠠᠶᠠᠰᠬᠠᠵᠤ᠂ ᠥᠲᠡᠭᠦᠰ ᠢᠶᠠᠨ ᠪᠠᠶᠠᠰᠬᠠᠵᠤ ᠪᠠᠶᠢᠬᠤ  ᠠᠴᠠ ᠢᠯᠡᠭᠦᠦ ᠵᠢᠷᠭᠠᠯ ᠬᠠᠮᠢᠭ᠎ᠠ ᠪᠠᠶᠢᠬᠤ ᠪᠤᠢ᠃ ᠪᠠᠶᠢᠭᠠᠯᠢ ᠶᠢᠨ ᠵᠢᠮ᠎ᠡ ᠳᠤ ᠵᠣᠬᠢᠴᠠᠨ ᠤᠯᠠᠨ ᠵᠢᠯ ᠣᠷᠣᠰᠢᠨ ᠲᠣᠭᠲᠠᠨᠢᠭᠰᠠᠨ ᠪᠢᠳᠠ ᠠᠯᠢ ᠤᠳᠠᠭᠠᠨ ᠤ ᠰᠠᠯᠬᠢ ᠪᠣᠷᠣᠭᠠᠨ᠂ ᠴᠠᠰᠤ ᠵᠤᠳ᠂ ᠭᠠᠩ ᠬᠠᠭᠰᠠᠷᠠᠭᠠᠨ ᠠᠴᠠ ᠰᠦᠷᠳᠡᠵᠦ ᠪᠠᠶᠢᠯ᠎ᠠ⁈         6 ᠰᠠᠷ᠎ᠠ ᠶᠢᠨ 21 ᠤ ᠥᠷᠯᠥᠭᠡ᠂ ᠰᠡᠷᠢᠭᠦᠯᠭᠡ ᠪᠠᠷ ᠪᠢᠰᠢ ᠰᠢᠪᠡᠷᠡᠭᠡ ᠪᠣᠷᠣᠭᠠᠨ ᠤ ᠴᠢᠮᠡᠭᠡ ᠪᠠᠷ ᠰᠠᠷᠢᠵᠤ᠂ ᠴᠣᠩᠬᠤ ᠪᠠᠨ ᠣᠩᠭᠤᠶᠢᠯᠭᠠᠭᠠᠳ ᠰᠡᠩᠭᠢᠨᠡᠭᠰᠡᠨ ᠴᠢᠭᠢᠭ ᠤᠨ ᠦᠨᠦᠷ ᠢ ᠴᠡᠭᠡᠵᠢ ᠳᠦᠭᠦᠷᠡᠩ ᠠᠮᠢᠰᠬᠤᠯᠯᠠᠬᠤ ᠶᠢᠨ ᠳᠠᠭᠠᠤ ᠨᠤᠲᠤᠭ ᠢᠶᠠᠷ ᠮᠢᠨᠢ ᠪᠣᠷᠤᠭ᠎ᠠ ᠣᠷᠣᠭᠰᠠᠨ ᠪᠣᠯᠪᠠ ᠤᠤ ᠬᠡᠮᠡᠨ ᠬᠥᠳᠡᠭᠡ ᠪᠠᠶᠢᠭ᠎ᠠ ᠳᠡᠭᠦᠦ  ᠳᠡᠭᠡᠨ ᠤᠲᠠᠰᠤᠳᠠᠬᠤ ᠳᠤ᠂        - ᠤᠷᠢᠳᠤ ᠰᠥᠨᠢ ᠪᠣᠷᠤᠭ᠎ᠠ ᠰᠢᠪᠡᠷᠡᠵᠦ ᠬᠤᠨᠣᠭᠰᠠᠨ᠂ ᠤᠳᠤ ᠴᠤ ᠭᠡᠰᠡᠨ ᠵᠥᠭᠡᠯᠡᠨ ᠰᠢᠪᠡᠷᠡᠵᠦ ᠪᠠᠶᠢᠨ᠎ᠠ ᠭᠡᠰᠡᠨ ᠰᠠᠶᠢᠬᠠᠨ ᠴᠢᠮᠡᠭᠡ ᠳᠤᠭᠤᠯᠭᠠᠯ᠎ᠠ ᠁        ᠵᠤᠨ ᠤ ᠵᠦᠰᠡ ᠵᠥᠭᠡᠯᠡᠨ ᠵᠥᠭᠡᠯᠡᠨ ᠽᠠᠮᠪᠦᠯᠢᠩ ᠢᠶᠠᠨ ᠤᠮᠳᠠᠯᠠᠵᠤ᠂ ᠬᠥᠮᠥᠨ ᠵᠤᠨ ᠤ ᠪᠠᠨ ᠮᠠᠩᠨᠠᠢ ᠶᠢ ᠲᠡᠨᠢᠢᠯᠭᠡᠵᠦ᠂ ᠮᠠᠯ ᠰᠦᠷᠦᠭ ᠤᠨ ᠢᠶᠠᠨ ᠨᠢᠷᠤᠭᠤ ᠶᠢ ᠲᠡᠨᠢᠢᠯᠭᠡᠲᠡᠯ᠎ᠡ ᠰᠠᠶᠢᠬᠠᠨ ᠰᠢᠪᠡᠷᠡᠬᠦ ᠪᠣᠯᠣᠭᠠᠰᠠᠢ︕
ᠢᠷᠡᠯᠲᠡ᠄ ᠳᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ