ᠨᠢᠭᠡ᠂ ᠬᠤᠷᠴᠢᠨ ᠠᠶᠢᠮᠠᠭ᠄ ᠬᠤᠷᠴᠢᠨ ᠪᠣᠯ ︽ᠨᠤᠮᠤ ᠰᠤᠮᠤ ᠬᠠᠷᠪᠤᠭᠠᠴᠢᠨ︾ ᠭᠡᠬᠦ ᠤᠳᠬ᠎ᠠ ᠲᠠᠢ ᠦᠭᠡ᠂ ᠬᠤᠷᠴᠢᠨ ᠠᠶᠢᠮᠠᠭ ᠪᠣᠯ ᠮᠣᠩᠭᠤᠯ | ᠦᠨᠳᠦᠰᠦᠲᠡᠨ ᠤ ᠳᠣᠲᠣᠷᠠᠬᠢ ᠴᠢᠬᠤᠯᠠ ᠪᠦᠷᠢᠯᠳᠦᠭᠦᠨ ᠮᠥᠨ᠃ ᠲᠡᠳᠡᠨ ᠤ ᠭᠤᠣᠯ ᠨᠢ ᠨᠤᠨ ᠬᠤᠷᠴᠢᠨ᠂ 16 ᠳ᠋ᠤᠭᠠᠷ ᠵᠠᠭᠤᠨ ᠤ ᠳᠤᠮᠳᠠᠴᠢ ᠦᠶ᠎ᠡ ᠪᠠᠷ | ᠪᠦᠷᠢᠯᠳᠦᠨ ᠪᠣᠢ ᠪᠣᠯᠵᠠᠢ᠃ ᠲᠡᠳᠡ ᠨᠠᠷ ᠣᠳᠣᠬᠠᠨ ᠳᠠᠭᠠᠨ ᠲᠦᠩᠯᠢᠶᠣᠣ ᠬᠤᠲᠠ᠂ ᠬᠢᠩᠭᠠᠨ ᠠᠶᠢᠮᠠᠭ ᠲᠤ ᠣᠷᠣᠰᠢᠨ ᠠᠮᠢᠳᠤᠷᠠᠵᠤ ᠪᠠᠶᠢᠭ᠎ᠠ ᠶᠤᠮ᠃ ᠬᠤᠷᠴᠢᠨ ᠤ | ᠤᠭᠰᠠᠭ᠎ᠠ ᠳᠣᠲᠣᠷ᠎ᠠ ᠬᠥᠬᠡᠨᠠᠭᠤᠷ᠂ ᠰᠢᠨᠵᠢᠶᠠᠩ᠂ ᠭᠠᠨᠰᠤ᠂ ᠠᠯᠠᠱᠠ ᠪᠠᠷ ᠠᠮᠢᠳᠤᠷᠠᠵᠤ ᠪᠠᠶᠢᠭ᠎ᠠ ᠬᠤᠱᠣᠳ ᠠᠶᠢᠮᠠᠭ᠂ ᠪᠤᠭᠤᠲᠤ ᠬᠤᠲᠠ ᠶᠢᠨ ᠳᠠᠷᠬᠠᠨ ᠮᠤᠤᠮᠢᠩᠭᠠᠨ᠂ | ᠪᠠᠶᠠᠨᠨᠠᠭᠤᠷ ᠤᠨ ᠤᠷᠠᠳ ᠨᠠᠷ᠂ ᠤᠯᠠᠭᠠᠨᠴᠠᠪ ᠤᠨ ᠳᠦᠷᠪᠡᠨ ᠬᠥᠪᠡᠭᠦᠳ᠂ ᠤᠯᠠᠭᠠᠨᠬᠠᠳᠠ ᠶᠢᠨ ᠠᠷᠤ ᠬᠤᠷᠴᠢᠨ᠂ ᠬᠠᠷᠠᠮᠥ᠋ᠷᠡᠨ ᠤ ᠳᠥᠷᠪᠡᠳ᠂ ᠭᠢᠷᠢᠨ ᠤ ᠭᠤᠷᠯᠣᠰ | ᠵᠡᠷᠭᠡ ᠪᠠᠭᠲᠠᠳᠠᠭ᠃ ᠨᠤᠨ ᠬᠤᠷᠴᠢᠨ ᠳᠤ ᠬᠤᠷᠴᠢᠨ ᠪᠠᠷᠠᠭᠤᠨ ᠭᠠᠷᠤᠨ ᠳᠤᠮᠳᠠᠳᠤ ᠬᠤᠰᠢᠭᠤ ᠊᠊᠊᠊᠊᠊᠊ ᠲᠦᠰᠢᠶᠡᠲᠦ᠂ ᠬᠤᠷᠴᠢᠨ ᠪᠠᠷᠠᠭᠤᠨ ᠭᠠᠷᠤᠨ ᠡᠮᠦᠨᠡᠲᠦ | ᠬᠤᠰᠢᠭᠤ ᠊᠊᠊᠊᠊᠊᠊ ᠵᠠᠰᠠᠭᠲᠤ᠂ ᠬᠤᠷᠴᠢᠨ ᠪᠠᠷᠠᠭᠤᠨ ᠭᠠᠷᠤᠨ ᠬᠤᠶᠢᠲᠤ ᠬᠤᠰᠢᠭᠤ ᠊᠊᠊᠊᠊᠊᠊ ᠭᠦᠩ ᠤᠨ ᠬᠤᠰᠢᠭᠤ᠂ ᠬᠤᠷᠴᠢᠨ ᠵᠡᠭᠦᠨ ᠭᠠᠷᠤᠨ ᠳᠤᠮᠳᠠᠳᠤ ᠬᠤᠰᠢᠭᠤ | ᠊᠊᠊᠊᠊᠊᠊ ᠳᠠᠷᠬᠠᠨ᠂ ᠬᠤᠷᠴᠢᠨ ᠵᠡᠭᠦᠨ ᠭᠠᠷᠤᠨ ᠬᠤᠶᠢᠲᠤ ᠬᠤᠰᠢᠭᠤ ᠊᠊᠊᠊᠊᠊᠊ ᠪᠦᠸᠧ ᠸᠠᠩ ᠬᠤᠰᠢᠭᠤ᠂ ᠬᠤᠷᠴᠢᠨ ᠵᠡᠭᠦᠨ ᠭᠠᠷᠤᠨ ᠡᠮᠦᠨᠡᠲᠦ ᠬᠤᠰᠢᠭᠤ ᠊᠊᠊᠊᠊᠊᠊ ᠪᠢᠩᠲᠦ᠂ | ᠬᠤᠶᠠᠷ ᠭᠤᠷᠯᠣᠰ᠂ ᠳᠥᠷᠪᠡᠳ᠂ ᠵᠠᠯᠠᠶᠢᠳ ᠵᠡᠷᠭᠡ ᠬᠤᠰᠢᠭᠤᠳ ᠪᠠᠭᠲᠠᠭᠳᠠᠵᠤ ᠪᠠᠶᠢᠵᠠᠢ᠃ ᠬᠤᠷᠴᠢᠨ ᠤ ᠥᠮᠴᠢ ᠨᠤᠲᠤᠭ ᠲᠤ ᠥᠪᠥᠷ ᠮᠣᠩᠭᠤᠯ ᠠᠴᠠ ᠭᠠᠳᠠᠨ᠎ᠠ | ᠪᠠᠰᠠ ᠡᠮᠦᠨᠡᠲᠦ ᠭᠤᠷᠯᠣᠰ ᠤᠨ ᠮᠣᠩᠭᠤᠯ ᠦᠨᠳᠦᠰᠦᠲᠡᠨ ᠤ ᠥᠪᠡᠷᠲᠡᠭᠡᠨ ᠵᠠᠰᠠᠬᠤ ᠰᠢᠶᠠᠨ᠂ ᠴᠠᠩᠴᠦ᠋ᠨ ᠬᠤᠲᠠ᠂ ᠲᠥᠩ ᠢᠦᠢ ᠰᠢᠶᠠᠨ᠂ ᠳ᠋ᠧ ᠾᠦᠢ ᠰᠢᠶᠠᠨ᠂ | ᠴᠢᠶᠠᠨ ᠠᠨ ᠰᠢᠶᠠᠨ᠂ ᠨᠥᠩ ᠠᠨ ᠰᠢᠶᠠᠨ᠂ ᠴᠠᠩ ᠯᠢᠩ ᠰᠢᠶᠠᠨ᠂ ᠵᠤᠤ ᠵᠧᠦ ᠰᠢᠶᠠᠨ᠂ ᠵᠤᠤ ᠶᠤᠸᠠᠨ ᠰᠢᠶᠠᠨ᠂ ᠵᠣᠣ ᠳᠦᠩ ᠬᠤᠲᠠ᠂ ᠬᠤᠸᠠᠢ ᠳ᠋ᠧ ᠰᠢᠶᠠᠨ᠂ ᠹᠦ᠋ | ᠢᠦᠢ ᠰᠢᠶᠠᠨ᠂ ᠭᠦᠩᠵᠦ ᠯᠢᠩ ᠬᠤᠲᠠ᠂ ᠯᠢ ᠱᠦ ᠰᠢᠶᠠᠨ᠂ ᠰᠧᠫᠢᠩ ᠬᠤᠲᠠ᠂ ᠴᠠᠩᠲᠤ ᠰᠢᠶᠠᠨ᠂ ᠱᠤᠸᠠᠩ ᠯᠢᠶᠤᠤ ᠬᠤᠲᠠ᠂ ᠹᠠᠺᠦ ᠰᠢᠶᠠᠨ᠂ ᠺᠠᠩ ᠫᠢᠩ ᠰᠢᠶᠠᠨ᠂ ᠵᠠᠩ | ᠦ᠋ ᠰᠢᠶᠠᠨ᠂ ᠲᠤᠤ ᠨᠠᠨ ᠬᠤᠲᠠ᠂ ᠪᠠᠶᠢᠴᠧᠩᠽ ᠬᠤᠲᠠ᠂ ᠵᠧᠨ ᠯᠠᠢ ᠰᠢᠶᠠᠨ᠂ ᠳ᠋ᠠ ᠠᠨ ᠬᠤᠲᠠ᠂ ᠳᠥᠷᠪᠡᠳ ᠤᠨ ᠮᠣᠩᠭᠤᠯ ᠦᠨᠳᠦᠰᠦᠲᠡᠨ ᠤ ᠥᠪᠡᠷᠲᠡᠭᠡᠨ ᠵᠠᠰᠠᠬᠤ | ᠰᠢᠶᠠᠨ᠂ ᠳ᠋ᠠᠴᠢᠩ ᠬᠤᠲᠠ᠂ ᠲᠠᠢ ᠺᠠᠩ ᠰᠢᠶᠠᠨ᠂ ᠯᠢᠨ ᠲᠢᠶᠠᠨ ᠰᠢᠶᠠᠨ ᠵᠡᠷᠭᠡ ᠬᠤᠲᠠ ᠪᠠ ᠰᠢᠶᠠᠨ ᠢ ᠪᠠᠭᠲᠠᠭᠠᠵᠤ ᠪᠠᠶᠢᠵᠠᠢ᠃ ᠬᠤᠷᠴᠢᠨ ᠤ ᠨᠤᠲᠤᠭ ᠨᠤᠭᠤᠳ ᠭᠡᠪᠡᠯ᠄ | ᠵᠡᠭᠦᠨ ᠭᠠᠷ ᠲᠤ ᠰᠢᠨ᠎ᠡ ᠮᠢᠩᠭᠠᠨ᠂ ᠲᠠᠪᠤᠨ ᠮᠤᠤᠮᠢᠩᠭᠠᠨ᠂ ᠤᠷᠠᠳ᠂ ᠲᠠᠲᠠᠭᠠᠯᠵᠢᠨ᠂ ᠪᠤᠲᠠᠴᠢᠨ᠂ ᠠᠯᠲᠠᠴᠢᠨ᠂ ᠭᠤᠷᠯᠣᠰ︔ ᠪᠠᠷᠠᠭᠤᠨ ᠭᠠᠷ ᠲᠤ ᠬᠡᠷᠡᠶᠢᠳ᠂ ᠶᠡᠬᠡᠮᠢᠩᠭᠠᠨ᠂ | ᠭᠡᠭᠦᠨ ᠬᠡᠰᠢᠭ᠂ ᠲᠦᠢᠪᠡᠭᠦᠨ᠂ ᠰᠠᠬᠠᠶᠢᠳ ᠪᠠᠭᠲᠠᠳᠠᠭ᠃ | | | |