ᠬᠤᠶᠠᠷ᠂ ᠬᠠᠷᠠᠴᠢᠨ ᠠᠶᠢᠮᠠᠭ᠄ ᠬᠠᠷᠠᠴᠢᠨ ᠠᠶᠢᠮᠠᠭ ᠪᠣᠯ ᠮᠣᠩᠭᠤᠯ ᠦᠨᠳᠦᠰᠦᠲᠡᠨ ᠤ ᠴᠢᠬᠤᠯᠠ ᠨᠢᠭᠡᠨ ᠪᠦᠷᠢᠯᠳᠦᠭᠦᠨ ᠬᠡᠰᠡᠭ ᠮᠥᠨ᠃ ᠡᠳᠡ ᠨᠠᠷ ᠤᠷᠲᠣ | ᠤᠳᠠᠭᠠᠨ ᠲᠡᠦᠬᠡ ᠲᠠᠢ᠂ ᠤᠯᠠᠷᠢᠯ ᠬᠤᠪᠢᠷᠠᠯ ᠢᠶᠠᠷ ᠶᠡᠭᠡ᠂ ᠮᠣᠩᠭᠤᠯ ᠤᠨ ᠲᠡᠦᠬᠡᠨ ᠤ ᠠᠯᠢ ᠣᠯᠠᠨ ᠴᠢᠬᠤᠯᠠ ᠬᠡᠷᠡᠭ ᠶᠠᠪᠤᠳᠠᠯ ᠲᠠᠢ ᠬᠤᠯᠪᠣᠭᠳᠠᠵᠤ ᠪᠠᠶᠢᠳᠠᠭ᠃ ᠶᠡᠭᠡ | ᠶᠤᠸᠠᠨ ᠲᠥᠷᠥ ᠶᠢᠨ ᠦᠶ᠎ᠡ ᠳᠤ᠂ ᠡᠸᠦ᠋ᠷᠦᠫᠡ ᠳ᠋ᠠᠬᠢᠨ ᠠᠴᠠ ᠢᠷᠡᠭᠰᠡᠨ ᠬᠢᠪᠴᠠᠭ ᠬᠥᠮᠥᠨ ᠢ ︽ᠠᠰᠤᠳ︾ ᠭᠡᠵᠦ ᠨᠡᠷᠡᠯᠡᠵᠦ ᠪᠠᠶᠢᠪᠠ᠃ ᠲᠡᠳᠡ ᠨᠠᠷ ᠠᠳᠤᠭᠤ ᠰᠠᠶᠢᠨ | ᠠᠷᠠᠴᠢᠯᠠᠳᠠᠭ ᠪᠣᠯᠬᠤᠷ ᠶᠤᠸᠠᠨ ᠲᠥᠷᠥ ᠶᠢᠨ ᠵᠠᠰᠠᠭ ᠤᠨ ᠭᠠᠵᠠᠷ ᠠᠴᠠ ᠲᠡᠳᠡᠨ ᠳᠤ ︽ᠬᠠᠷᠠᠭᠴᠢ ᠭᠡᠭᠦᠦ ᠰᠠᠭᠠᠵᠤ᠂ ᠬᠠᠭᠠᠨ ᠣᠷᠳᠣᠨ ᠤ ᠤᠮᠳᠠᠭᠠᠨ ᠴᠡᠭᠡ ᠶᠢ | ᠬᠠᠩᠭᠠᠬᠤ︾ ᠡᠭᠦᠷᠭᠡ ᠲᠤᠰᠢᠶᠠᠭᠰᠠᠨ ᠪᠠᠶᠢᠵᠠᠢ᠃ ᠡᠭᠦᠨ ᠠᠴᠠ ︽ᠬᠠᠷᠠᠴᠢᠨ︾ ᠭᠡᠬᠦ ᠨᠡᠷᠡᠶᠢᠳᠦᠯ ᠡᠭᠦᠰᠦᠯ᠎ᠡ ᠭᠡᠳᠡᠭ᠃ ᠬᠠᠷᠠᠴᠢᠨ ᠪᠣᠯᠣᠨ ᠤᠷᠢᠶᠠᠩᠬᠠᠢ | ᠬᠤᠭᠤᠷᠣᠨᠳᠤ ᠪᠠᠨ ᠨᠢᠭᠲᠠ ᠬᠠᠷᠢᠴᠠᠭ᠎ᠠ ᠲᠠᠢ ᠪᠠᠶᠢᠳᠠᠭ᠃ ᠤᠷᠢᠶᠠᠩᠬᠠᠢ ᠪᠣᠯ ᠮᠣᠩᠭᠤᠯ ᠤᠨ ᠤᠵᠤᠭᠤᠷ ᠡᠷᠲᠡᠨ ᠤ ᠠᠶᠢᠮᠠᠭ ᠶᠤᠮ᠃ ᠬᠢᠲᠠᠳ ᠪᠢᠴᠢᠭ ᠲᠤ ︽ᠦ᠋ | ᠯᠢᠶᠠᠩ ᠬᠠ︾ ︽ᠦ᠋ ᠯᠢᠶᠠᠩ ᠬᠠᠢ︾ ︽ᠦ᠋ ᠯᠢᠶᠠᠩ ᠬᠠᠨ︾ ᠁ ᠭᠡᠬᠦ ᠮᠡᠲᠦ ᠣᠯᠠᠨ ᠵᠦᠢᠯ ᠢᠶᠠᠷ ᠲᠡᠮᠳᠡᠭᠯᠡᠵᠦ ᠪᠠᠶᠢᠳᠠᠭ᠃ ᠡᠨᠡ ᠠᠶᠢᠮᠠᠭ ᠴᠢᠩᠭᠢᠰ ᠬᠠᠭᠠᠨ ᠢ | ᠠᠯᠢ ᠡᠷᠲᠡ ᠳᠠᠭᠠᠭᠰᠠᠨ ᠶᠤᠮ᠃ ᠡᠨᠡ ᠠᠶᠢᠮᠠᠭ ᠤᠨ ᠵᠠᠯᠮ᠎ᠠ᠂ ᠰᠦᠪᠡᠭᠡᠳᠡᠢ ᠬᠤᠶᠠᠷ ᠴᠢᠩᠭᠢᠰ ᠬᠠᠭᠠᠨ ᠢ ᠳᠠᠭᠠᠭᠠᠳ ᠠᠯᠢ ᠣᠯᠠᠨ ᠶᠡᠭᠡ ᠭᠠᠪᠢᠶ᠎ᠠ ᠪᠠᠶᠢᠭᠤᠯᠵᠤ᠂ | ᠠᠯᠳᠠᠷᠲᠤ ᠬᠤᠰᠢᠭᠤᠴᠢ ᠵᠠᠩᠵᠤᠨ ᠪᠣᠯᠤᠭᠰᠠᠨ ᠪᠠᠶᠢᠵᠠᠢ᠃ ᠵᠠᠯᠮ᠎ᠠ ᠪᠣᠯ ᠬᠠᠷᠠᠴᠢᠨ ᠠᠶᠢᠮᠠᠭ ᠤᠨ ᠡᠬᠢ ᠡᠪᠦᠭᠡ ᠪᠣᠯᠣᠨ᠎ᠠ᠃ ᠴᠢᠩᠭᠢᠰ ᠬᠠᠭᠠᠨ ᠨᠠᠰᠤ ᠪᠠᠷᠠᠭᠰᠠᠨ ᠤ | ᠳᠠᠷᠠᠭ᠎ᠠ᠂ ᠲᠡᠭᠦᠨ ᠤ ᠲᠠᠬᠢᠯ ᠤᠨ ᠣᠷᠳᠣᠨ ᠢ ᠤᠷᠢᠶᠠᠩᠬᠠᠢ ᠬᠥᠮᠥᠨ ᠰᠠᠬᠢᠵᠤ ᠪᠠᠶᠢᠭᠰᠠᠨ ᠶᠤᠮ᠃ ᠬᠢᠲᠠᠳ ᠲᠡᠦᠬᠡ ᠶᠢᠨ ᠪᠢᠴᠢᠭ ᠲᠤ ︽ᠤᠷᠢᠶᠠᠩᠬᠠᠢ︾ ᠭᠡᠵᠦ | ᠭᠠᠷᠳᠠᠭ ᠢ ᠣᠯᠠᠩᠬᠢ ᠮᠣᠩᠭᠤᠯ ᠰᠤᠷᠪᠤᠯᠵᠢ ᠪᠢᠴᠢᠭ ᠲᠤ ᠬᠠᠷᠢᠨ ︽ᠦᠵᠢᠶᠡᠳ︾ ᠭᠡᠳᠡᠭ᠃ ᠦᠵᠢᠶᠡᠳ ᠪᠣᠯ ᠴᠢᠩᠭᠢᠰ ᠬᠠᠭᠠᠨ ᠤ ᠪᠠᠭ᠎ᠠ ᠳᠡᠭᠦᠦ ᠲᠡᠮᠦᠬᠡ | ᠣᠳᠴᠢᠬᠢᠨ ᠤ ᠬᠠᠷᠢᠶᠠᠲᠤ ᠢᠷᠭᠡᠨ ᠪᠠ ᠨᠤᠲᠤᠭ ᠤᠨ ᠨᠡᠷᠡᠶᠢᠳᠦᠯ ᠪᠣᠯᠣᠨ᠎ᠠ᠃ ᠦᠵᠢᠶᠡᠳ ᠤᠨ ᠨᠤᠲᠤᠭ ᠲᠤ ᠤᠷᠢᠶᠠᠩᠬᠠᠶᠢᠴᠤᠳ ᠥᠭᠡᠯᠦᠨ ᠡᠬᠡ ᠶᠢᠨ ᠲᠠᠬᠢᠯ ᠤᠨ | ᠣᠷᠳᠣᠨ ᠢ ᠰᠠᠬᠢᠵᠤ ᠪᠠᠶᠢᠭᠰᠠᠨ ᠪᠣᠯᠬᠤᠷ ᠦᠵᠢᠶᠡᠳ ᠨᠠᠷ ᠮᠢᠩ ᠲᠥᠷᠥ ᠯᠦᠭᠡ ᠬᠠᠷᠢᠴᠠᠬᠤ ᠳᠠᠭᠠᠨ ︽ᠤᠷᠢᠶᠠᠩᠬᠠᠢ︾ ᠭᠡᠬᠦ ᠨᠡᠷ᠎ᠡ ᠪᠠᠷ ᠬᠠᠷᠢᠴᠠᠵᠤ ᠪᠠᠶᠢᠪᠠ᠃ | 1548 ᠣᠨ ᠳᠤ᠂ ᠦᠵᠢᠶᠡᠳ ᠨᠠᠷ ᠬᠠᠮᠤᠭ ᠡᠴᠦᠰ ᠤᠨ ᠤᠷᠪᠠᠯᠭᠠᠨ ᠭᠠᠷᠭᠠᠭᠰᠠᠨ ᠳᠤ᠂ ᠳᠠᠷᠠᠶᠢᠰᠤᠨ ᠬᠦᠳᠡᠩ ᠬᠠᠭᠠᠨ᠂ ᠪᠠᠷᠠᠭᠤᠨ ᠭᠤᠷᠪᠠᠨ ᠲᠦᠮᠡᠨ ᠪᠠ | ᠬᠤᠷᠴᠢᠨ ᠤ ᠬᠤᠯᠪᠣᠭᠠᠲᠤ ᠴᠡᠷᠢᠭ ᠢᠶᠠᠷ ᠳᠠᠷᠤᠩᠭᠤᠶᠢᠯᠠᠵᠤ᠂ ᠡᠯ᠎ᠡ ᠲᠦᠮᠡᠨ ᠳᠤ ᠬᠤᠪᠢᠶᠠᠪᠠ᠃ ᠡᠩᠬᠡ ᠴᠢᠩᠰᠠᠩ ᠦᠵᠢᠶᠠᠳ ᠤᠨ ᠭᠤᠣᠯ ᠬᠡᠰᠡᠭ ᠢ ᠠᠪᠴᠤ ᠠᠯᠲᠠᠨ | ᠬᠠᠨ ᠳᠤ ᠪᠠᠭᠤᠵᠤ ᠥᠭᠴᠡᠢ᠃ ᠲᠡᠳᠡ ᠨᠠᠷ ᠢ ᠠᠯᠲᠠᠨ ᠬᠠᠨ ᠠᠪᠠᠴᠢᠵᠤ᠂ ᠣᠳᠣᠬᠢ ᠤᠯᠠᠭᠠᠨᠬᠠᠳᠠ ᠣᠷᠣᠨ ᠳᠤ ᠲᠣᠬᠢᠷᠠᠭᠤᠯᠤᠭᠰᠠᠨ ᠠᠴᠠ ︽ᠬᠠᠷᠠᠴᠢᠨ︾ ᠭᠡᠬᠦ | ᠨᠡᠷ᠎ᠡ ᠪᠠᠷ ᠢᠯᠡᠷᠡᠳᠡᠭ ᠪᠣᠯᠵᠠᠢ᠃ | | | |