ᠭᠤᠷᠪᠠ᠂ ᠬᠡᠰᠢᠭᠲᠡᠨ ᠠᠶᠢᠮᠠᠭ᠄ ᠴᠢᠩᠭᠢᠰ ᠬᠠᠭᠠᠨ ᠤ 15 ᠳ᠋ᠤᠭᠠᠷ ᠦᠶ᠎ᠡ ᠶᠢᠨ ᠠᠴᠢ ᠪᠠᠲᠤᠮᠦ᠋ᠩᠬᠡ ᠳᠠᠶᠠᠨ ᠬᠠᠭᠠᠨ ᠤ ᠬᠥᠪᠡᠭᠦᠨ ᠸᠴᠢᠷᠪᠣᠯᠣᠳ᠂ ᠲᠡᠭᠦᠨ ᠤ | ᠬᠥᠪᠡᠭᠦᠨ ᠰᠢᠷᠠᠯᠳᠠᠢ ᠶᠢ ᠮᠡᠷᠭᠡᠨ ᠨᠣᠶᠠᠨ ᠭᠡᠳᠡᠭ᠂ ᠲᠡᠷᠡ ᠥᠪᠡᠷ ᠤᠨ ᠬᠠᠷᠢᠶᠠᠲᠤ ᠠᠶᠢᠮᠠᠭ ᠢᠶᠠᠨ ︽ᠬᠡᠰᠢᠭᠲᠡᠨ︾ ᠭᠡᠵᠦ ᠨᠡᠷᠡᠯᠡᠵᠡᠢ᠃ ᠲᠡᠭᠦᠨ ᠤ ᠬᠥᠪᠡᠭᠦᠨ | ᠲᠾᠠᠷᠮᠠ ᠠᠴᠠ ᠭᠤᠷᠪᠠᠨ ᠬᠥᠪᠡᠭᠦᠨ ᠲᠠᠢ᠂ ᠤᠤᠭᠠᠨ ᠨᠢ ᠰᠤᠤᠨᠠᠮ᠂ ᠳᠡᠳ᠋ ᠨᠢ ᠪᠤᠮᠪᠠ᠂ ᠪᠠᠭ᠎ᠠ ᠨᠢ ᠲᠦᠯᠦᠢ ᠭᠡᠳᠡᠭ᠃ ᠴᠠᠬᠠᠷ ᠤᠨ ᠬᠠᠷᠢᠶᠠᠲᠤ᠃ ᠲᠡᠭᠷᠢ ᠶᠢᠨ | ᠰᠡᠴᠡᠨ ᠤ ᠨᠠᠢᠮᠠᠳᠤᠭᠠᠷ ᠣᠨ ᠳᠤ᠂ ᠰᠣᠣᠨᠠᠮ ᠬᠠᠷᠢᠶᠠᠲᠤ ᠨᠠᠷ ᠢᠶᠠᠨ ᠳᠠᠭᠠᠭᠤᠯᠤᠨ ᠬᠤᠶᠢᠲᠤ ᠠᠯᠲᠠᠨ ᠤᠯᠤᠰ ᠲᠤ ᠳᠠᠭᠠᠪᠠ᠃ ᠴᠢᠩ ᠲᠥᠷᠥ ᠶᠢᠨ ᠳᠡᠭᠡᠳᠦ | ᠡᠷᠳᠡᠮᠲᠦ ᠶᠢᠨ ᠵᠢᠷᠭᠤᠳᠤᠭᠠᠷ ᠣᠨ ᠳᠤ ᠲᠠᠶᠢᠵᠢ ᠱᠠᠷᠢ᠂ ᠪᠣᠯᠬᠤ᠂ ᠶᠣᠨᠳᠣᠨ ᠨᠠᠷ ᠵᠠᠷᠯᠢᠭ ᠢ ᠬᠦᠯᠢᠶᠡᠨ ᠳᠥᠩᠵᠢᠶᠠ᠂ ᠪᠠᠶᠠᠰᠬᠤᠯᠠᠩ ᠬᠠᠳᠠᠲᠤ ᠬᠠᠭᠠᠯᠭ᠎ᠠ ᠵᠡᠷᠭᠡ ᠪᠠᠷ | ᠮᠢᠩ ᠤᠨ ᠴᠡᠷᠢᠭ ᠲᠤᠷᠰᠢᠷᠠ ᠣᠴᠢᠭᠠᠳ ᠶᠡᠬᠡᠳᠡ ᠳᠠᠶᠢᠯᠠᠵᠤ᠂ ᠤᠯᠠᠨ ᠴᠡᠷᠢᠭ ᠢ ᠣᠯᠵᠠᠯᠠᠪᠠ᠃ ᠡᠶᠡᠪᠡᠷ ᠵᠠᠰᠠᠭᠴᠢ ᠶᠢᠨ ᠶᠢᠰᠦᠳᠦᠭᠡᠷ ᠣᠨ ᠳᠤ ᠲᠡᠳᠡᠨ ᠤ ᠬᠠᠷᠢᠶᠠᠲᠤ | ᠨᠠᠷ ᠢ ᠰᠤᠮᠤ ᠪᠣᠯᠭᠠᠨ ᠬᠤᠪᠢᠶᠠᠭᠠᠳ᠂ ᠰᠤᠤᠨᠠᠮ ᠳᠤ ᠵᠠᠬᠢᠷᠤᠭᠤᠯᠵᠤ᠂ ᠵᠠᠰᠠᠭ ᠲᠣᠬᠢᠷᠠᠭᠤᠯᠪᠠ᠃ ᠡᠩᠬᠡ ᠠᠮᠤᠭᠤᠯᠠᠩ ᠤᠨ ᠬᠤᠷᠢᠨ ᠵᠢᠷᠭᠤᠳᠤᠭᠠᠷ ᠣᠨ ᠳᠤ᠂ ᠡᠵᠡᠨ | ᠬᠠᠭᠠᠨ ᠯᠦ ᠭᠧᠦ ᠴᠢᠶᠤᠤ ᠬᠥᠭᠦᠷᠭᠡ ᠳᠤ ᠴᠡᠷᠢᠭ ᠰᠢᠯᠭᠠᠨ ᠦᠵᠡᠬᠦ ᠳᠡᠭᠡᠨ ᠲᠣᠰ ᠠᠶᠢᠮᠠᠭ ᠤᠨ ᠴᠡᠷᠢᠭ ᠢ ᠵᠠᠷᠯᠠᠨ ᠳᠠᠭᠤᠳᠠᠪᠠ᠃ ᠬᠤᠷᠢᠨ ᠳᠣᠯᠣᠳᠤᠭᠠᠷ ᠣᠨ ᠳᠤ᠂ | ᠳᠥᠲᠥᠭᠡᠷ ᠳᠡᠰ ᠤᠨ ᠲᠠᠶᠢᠵᠢ ᠮᠤᠯᠤᠨ ᠭᠠᠷᠪᠢ ᠶᠢ ︽ᠭᠠᠯᠳᠠᠨ ᠪᠣᠱᠣᠭᠲᠤ ᠶᠢ ᠡᠪᠳᠡᠬᠦ ᠳᠤ ᠭᠠᠪᠢᠶ᠎ᠠ ᠪᠠᠶᠢᠭᠤᠯᠪᠠ︾ ᠭᠡᠳ ᠲᠡᠷᠢᠭᠦᠨ ᠵᠡᠷᠭᠡ ᠶᠢᠨ ᠲᠠᠶᠢᠵᠢ ᠪᠣᠯᠭᠠᠨ | ᠳᠡᠪᠰᠢᠭᠦᠯᠪᠡ᠃ ᠭᠤᠴᠢᠨ ᠲᠠᠪᠤᠳᠤᠭᠠᠷ ᠣᠨ ᠳᠤ᠂ ᠡᠩᠬᠡ ᠠᠮᠤᠭᠤᠯᠠᠩ ᠬᠠᠭᠠᠨ᠂ ᠭᠠᠯᠳᠠᠨ ᠪᠣᠱᠣᠭᠲᠤ ᠶᠢ ᠳᠠᠶᠢᠯᠠᠵᠤ ᠢᠯᠠᠯᠲᠠ ᠣᠯᠵᠤ ᠡᠭᠡᠭᠡᠳ᠂ ᠬᠡᠰᠢᠭᠲᠡᠨ ᠴᠡᠷᠢᠭ | ᠠᠳᠡᠯ ᠣᠰᠣᠯ ᠭᠠᠷᠭᠠᠭᠰᠠᠨ ᠦᠭᠡᠢ ᠭᠡᠵᠦ ᠮᠥᠩᠭᠦ ᠵᠣᠭᠤᠰ ᠢᠶᠠᠷ ᠱᠠᠩᠨᠠᠪᠠ᠃ ᠨᠠᠶᠢᠷᠠᠯᠲᠦ ᠲᠥᠪ ᠬᠠᠭᠠᠨ ᠤ ᠲᠠᠪᠤᠳᠤᠭᠠᠷ ᠣᠨ ᠳᠤ᠂ ᠨᠢᠭᠡᠨ ᠬᠤᠰᠢᠭᠤ ᠪᠣᠯᠭᠠᠵᠤ᠂ | ᠵᠢᠯᠠᠪᠠᠰ ᠥᠨᠳᠥᠷ ᠢᠶᠠᠷ ᠮᠠᠯᠵᠢᠭᠤᠯᠤᠭᠠᠳ᠂ ᠵᠤᠤ ᠤᠳᠠ ᠶᠢᠨ ᠴᠢᠭᠤᠯᠭᠠᠨ ᠳᠤ ᠵᠠᠬᠢᠷᠤᠭᠤᠯᠪᠠ᠃ ᠲᠡᠳᠡᠨ ᠤ ᠵᠠᠰᠠᠭ ᠨᠢ ᠲᠡᠷᠢᠭᠦᠨ ᠵᠡᠷᠭᠡ ᠶᠢᠨ ᠲᠠᠶᠢᠵᠢ᠂ ᠠᠲᠠᠷ | ᠬᠠᠭᠠᠯᠪᠤᠷᠢᠯᠠᠭᠰᠠᠨ ᠢᠶᠠᠷ ᠬᠠᠮᠤᠭ ᠡᠷᠲᠡ᠃ ᠰᠠᠶᠢᠰᠢᠶᠠᠯ ᠢᠷᠦᠭᠡᠯᠲᠦ ᠶᠢᠨ ᠦᠶ᠎ᠡ ᠳᠤ᠂ ᠠᠳᠡ ᠲᠣᠭᠤᠷᠢᠨ ᠪᠠᠶᠢᠴᠠᠭᠠᠬᠤ ᠶᠠᠮᠤᠨ ᠪᠠᠶᠢᠭᠤᠯᠪᠠ᠃ ᠪᠦᠷᠢᠨᠲᠦ | ᠵᠠᠰᠠᠭᠴᠢ ᠶᠢᠨ ᠦᠶ᠎ᠡ ᠳᠤ᠂ ᠬᠤᠲᠣᠩ ᠤᠨ ᠪᠣᠰᠣᠯᠭ᠎ᠠ ᠬᠠᠯᠠᠭᠤᠨ ᠭᠤᠣᠯ ᠢ ᠰᠦᠷᠳᠡᠭᠦᠯᠦᠭᠰᠡᠨ ᠳᠤ᠂ ᠠᠳᠡ ᠰᠠᠬᠢᠭᠤᠯ ᠬᠠᠷᠠᠭᠤᠯ ᠪᠠᠶᠢᠭᠤᠯᠪᠠ᠃ ᠪᠠᠳᠠᠷᠠᠭᠤᠯᠲᠤ | ᠲᠥᠷᠥ ᠶᠢᠨ ᠠᠷᠪᠠᠨ ᠳᠣᠯᠣᠳᠤᠭᠠᠷ ᠣᠨ ᠳᠤ᠂ ᠶᠢᠨ ᠲᠠᠨ ᠳᠣᠣ ᠶᠢᠨ ᠤᠷᠪᠠᠯᠭᠠᠨ ᠢ ᠤᠳᠠᠨ ᠬᠤᠲᠠ ᠳᠤ ᠡᠪᠳᠡᠵᠦ ᠭᠠᠪᠢᠶ᠎ᠠ ᠪᠠᠶᠢᠭᠤᠯᠵᠠᠢ᠃ | | | |