ᠮᠣᠩᠭᠤᠯ ᠤᠨ ᠡᠯ᠎ᠡ ᠠᠶᠢᠮᠠᠭ ᠤᠨ ᠢᠷᠡᠯ ᠭᠠᠷᠤᠯ ᠤᠨ ᠲᠤᠬᠠᠢ ︵ᠳᠥᠷᠪᠡ︶
ᠨᠡᠶᠢᠲᠡᠯᠡᠭᠰᠡᠨ ᠴᠠᠭ᠄
2024/12/16
       ᠳᠥᠷᠪᠡ᠂ ᠣᠩᠨᠢᠭᠤᠳ᠄ ᠣᠩᠨᠢᠭᠤᠳ ᠪᠣᠯ ᠡᠷᠲᠡᠨ ᠤ ᠮᠣᠩᠭᠤᠯ ᠦᠭᠡ᠂ ᠣᠳᠣᠬᠢ ᠮᠣᠩᠭᠤᠯ ᠬᠡᠯᠡᠨ ᠳᠤ ︽ᠸᠠᠩ ᠨᠠᠷ︾ ᠭᠡᠬᠦ ᠤᠳᠬ᠎ᠠ ᠲᠠᠢ᠃  ᠴᠢᠩᠭᠢᠰ ᠬᠠᠭᠠᠨ ᠤ ᠭᠤᠷᠪᠠᠳᠤᠭᠠᠷ ᠳᠡᠭᠦᠦ ᠬᠠᠴᠢᠭᠤᠨ ᠡᠷᠲᠡ ᠨᠠᠰᠤ ᠨᠥᠭᠴᠢᠭᠰᠡᠨ ᠪᠣᠯᠬᠤᠷ ᠥᠮᠴᠢ ᠬᠤᠪᠢ ᠨᠢ ᠲᠡᠳᠦᠢ ᠶᠡᠭᠡ ᠪᠢᠰᠢ᠃ ︽ᠠᠯᠲᠠᠨ ᠬᠦᠷᠳᠦᠨ  ᠮᠢᠩᠭᠠᠨ ᠬᠡᠭᠡᠰᠦᠲᠦ︾᠎ ᠳᠤ ᠲᠡᠮᠳᠡᠭᠯᠡᠭᠰᠡᠨ ᠢ ᠦᠨᠳᠦᠰᠦᠯᠡᠪᠡᠯ᠄ ᠬᠠᠴᠢᠭᠤᠨ ᠤ ᠬᠥᠪᠡᠭᠦᠨ ᠵᠢᠢ ᠨᠠᠨ ᠸᠠᠩ ᠠᠯᠴᠢᠲᠠᠢ᠂ ᠬᠦᠦ ᠨᠢ ᠬᠠᠳᠠᠨ ᠲᠠᠶᠢᠵᠢ᠂ ᠬᠦᠦ ᠨᠢ  ᠯᠥᠩ ᠸᠠᠩ ᠬᠤᠯᠠᠴᠦ᠂ ᠴᠠᠬᠤᠯᠠ ᠬᠤᠶᠠᠷ᠃ ᠬᠤᠯᠠᠴᠦ ᠶᠢᠨ ᠤᠤᠭᠠᠨ ᠬᠦᠦ ᠵᠢᠢ ᠨᠠᠨ ᠸᠠᠩ ᠵᠡᠷᠭᠢ᠂ ᠬᠤᠯᠠᠬᠤᠷ᠃ ᠬᠤᠯᠠᠬᠤᠷ ᠤᠨ ᠬᠦᠦ ᠦ᠋ ᠸᠠᠩ ᠮᠣᠨᠠᠴᠢ᠂  ᠬᠦᠦ ᠨᠢ ᠦ᠋ ᠸᠠᠩ ᠲᠤᠯᠤ ︵ᠳᠤᠯᠠᠶᠢᠨ᠎ᠠ ᠴᠦ ᠭᠡᠳᠡᠭ︶᠂ ᠬᠦᠦ ᠨᠢ ᠶᠠᠩ ᠸᠠᠩ ᠪᠠᠪᠠᠢ᠃ ᠪᠠᠪᠠᠢ ᠶᠢᠨ ᠬᠦᠦ ᠴᠢᠩᠪᠠᠲᠤ ᠨᠣᠶᠠᠨ᠂ ᠬᠦᠦ ᠨᠢ ᠬᠠᠴᠢᠬᠦ᠋ᠯᠦᠭ᠂  ᠬᠦᠦ ᠨᠢ ᠰᠠᠶᠢᠨᠪᠣᠯᠣᠭᠲᠤ᠂ ᠮᠥᠩᠬᠡᠰᠠᠷ᠎ᠠ᠂ ᠬᠦᠦ ᠨᠢ ᠠᠯᠠᠭ ᠨᠣᠶᠠᠨ᠂ ᠬᠦᠦ ᠨᠢ ᠰᠠᠶᠢᠨ᠋ᠧᠴᠢᠷ᠂ ᠬᠦᠦ ᠨᠢ ᠪᠠᠶᠠᠨᠬᠤᠩᠭᠤᠷ᠂ ᠬᠦᠦ ᠨᠢ ᠢᠯᠠᠴᠦ ᠨᠣᠶᠠᠨ ᠪᠣᠯ  ᠯᠢᠭᠳᠡᠨ ᠬᠤᠲᠤᠭᠲᠤ ᠬᠠᠭᠠᠨ ᠤ ᠦᠶ᠎ᠡ ᠶᠢᠨ ᠬᠥᠮᠥᠨ᠃ ᠢᠯᠠᠴᠦ ᠶᠢᠨ ᠬᠦᠦ ᠪᠤᠶᠠᠨᠲᠤ᠂ ᠬᠦᠦ ᠨᠢ ᠮᠥᠩᠬᠡᠲᠡᠮᠦᠷ ᠬᠠᠭᠠᠨ᠂ ᠬᠦᠦ ᠨᠢ ᠪᠠᠶᠠᠰᠬᠤ᠂ ᠲᠦᠮᠡᠢ  ᠳᠣᠭᠰᠢᠨ ᠵᠢᠷᠭᠠᠯᠠᠩᠲᠤ᠂ ᠮᠥᠩᠬᠡᠴᠠᠭᠠᠨ᠂ ᠬᠦᠦ ᠨᠢ ᠪᠠᠶᠠᠨᠳᠠᠢ ᠬᠤᠩᠭᠤᠷ᠂ ᠪᠠᠨᠳᠢ ᠰᠡᠴᠡᠨ᠂ ᠡᠰᠡᠨᠪᠣᠯᠣᠳ᠂ ᠲᠦᠯᠦᠨᠳᠦᠭᠦᠷᠡᠩ ᠬᠠᠭᠠᠨ ᠵᠡᠷᠭᠡ ᠳᠣᠯᠤᠭ᠎ᠠ᠃  ᠲᠡᠭᠦᠨ ᠤ ᠬᠦᠦ ᠨᠢ ᠴᠢᠩ ᠲᠦᠷᠦ ᠶᠢᠨ ᠡᠶᠡᠪᠡᠷ ᠵᠠᠰᠠᠭᠴᠢ ᠬᠠᠭᠠᠨ ᠢ ᠲᠡᠳᠬᠦᠭᠰᠡᠨ ᠴᠠᠭᠠᠨ᠂ ᠲᠡᠭᠦᠨ ᠤ ᠤᠤᠭᠠᠨ ᠬᠦᠦ ᠨᠢ ᠰᠦᠨᠳᠦᠭᠦᠷᠡᠩ ᠵᠢᠶᠦ᠋ᠨ ᠸᠠᠩ᠂  ᠬᠦᠦ ᠨᠢ ᠪᠣᠳᠬ᠎ᠠ ᠸᠠᠩ᠂ ᠪᠢᠯᠢᠭᠦᠨᠳᠠᠯᠠᠢ᠂ ᠸᠴᠢᠷ ᠲᠠᠶᠢᠵᠢ᠃ ᠪᠢᠯᠢᠭᠦᠨᠳᠠᠯᠠᠢ ᠶᠢᠨ ᠬᠦᠦ ᠪᠠᠨᠳᠢ ᠶᠢᠨ ᠸᠠᠩ ᠤᠨ ᠬᠡᠷᠬᠢᠮ ᠢ ᠸᠴᠢᠷ ᠲᠠᠶᠢᠵᠢ ᠳᠤ ᠰᠢᠯᠵᠢᠭᠦᠯᠦᠨ  ᠥᠭᠪᠡ᠃ ᠲᠡᠭᠦᠨ ᠤ ᠬᠦᠦ ᠪᠣᠪᠣᠭ᠂ ᠰᠠᠴᠢᠸᠠᠩ᠂ ᠪᠣᠳᠠᠵᠠᠪ᠂ ᠯᠠᠵᠠᠪ ᠸᠠᠩ᠃ ᠡᠳᠡ ᠪᠣᠯ ᠣᠩᠨᠢᠭᠤᠳ ᠪᠠᠷᠠᠭᠤᠨ ᠭᠠᠷᠤᠨ ᠨᠣᠶᠠᠳ᠃ ᠲᠦᠯᠦᠨᠳᠦᠭᠦᠷᠡᠩ  ᠬᠠᠭᠠᠨ ᠤ ᠳᠡᠳ᠋ ᠬᠥᠪᠡᠭᠦᠨ ᠳᠥᠩ ᠳᠠᠷᠬᠠᠨ ᠳᠠᠶᠢᠴᠢᠩ ᠪᠠᠶᠢᠯᠡ᠂ ᠬᠦᠦ ᠨᠢ ᠰᠡᠦᠰᠡᠢ᠂ ᠬᠦᠦ ᠨᠢ ᠷᠢᠨᠴᠢᠨ ᠡᠯᠳᠡᠪ ᠸᠴᠢᠷ᠂ ᠬᠦᠦ ᠨᠢ ᠸᠠᠩᠱᠤᠭ᠂ ᠬᠦᠦ ᠨᠢ  ᠨᠣᠷᠪᠣᠵᠠᠮᠰᠤ᠂ ᠬᠦᠦ ᠨᠢ ᠵᠢᠭᠵᠢᠳᠵᠠᠪ᠂ ᠬᠦᠦ ᠨᠢ ᠳᠠᠷᠬᠠᠨ ᠳᠠᠶᠢᠴᠢᠩ ᠪᠠᠶᠢᠯᠡ ᠳᠠᠮᠤᠷᠢᠨᠵᠠᠪ᠂ ᠡᠳᠡ ᠨᠠᠷ ᠪᠣᠯ ᠣᠩᠨᠢᠭᠤᠳ ᠵᠡᠭᠦᠨ ᠭᠠᠷᠤᠨ ᠨᠣᠶᠠᠳ᠃  ᠲᠦᠯᠦᠨᠳᠦᠭᠦᠷᠡᠩ ᠤᠨ ᠣᠳᠬᠠᠨ ᠬᠦᠦ ᠨᠣᠮᠴᠢ ᠬᠤᠩ ᠲᠠᠶᠢᠵᠢ ᠪᠡᠭᠡᠵᠢᠩ ᠬᠤᠲᠠ ᠳᠤ ᠠᠯᠪᠠ ᠬᠢᠵᠦ ᠪᠠᠶᠢᠪᠠ᠃               
ᠢᠷᠡᠯᠲᠡ᠄ ᠬᠠᠭᠤᠴᠢᠨ ᠪᠠᠷᠭᠤ ᠬᠤᠰᠢᠭᠤᠨ ᠤ ᠠᠷᠠᠳ ᠤᠨ ᠵᠠᠰᠠᠭ ᠤᠨ ᠣᠷᠳᠣᠨ