ᠮᠣᠩᠭᠤᠯ ᠤᠨ ᠡᠯ᠎ᠡ ᠠᠶᠢᠮᠠᠭ ᠤᠨ ᠢᠷᠡᠯ ᠭᠠᠷᠤᠯ ᠤᠨ ᠲᠤᠬᠠᠢ ︵ᠵᠢᠷᠭᠤᠭ᠎ᠠ︶
ᠨᠡᠶᠢᠲᠡᠯᠡᠭᠰᠡᠨ ᠴᠠᠭ᠄
2024/12/16
       ᠵᠢᠷᠭᠤᠭ᠎ᠠ᠂ ᠴᠠᠬᠠᠷ ᠠᠶᠢᠮᠠᠭ᠄ ᠴᠠᠬᠠᠷ ᠭᠡᠳᠡᠭ ᠦᠭᠡ ᠶᠢ ᠵᠠᠷᠢᠮ ᠬᠡᠯᠡᠨ ᠤ ᠡᠷᠳᠡᠮᠲᠡᠳ ᠠᠴᠠ ︽ᠵᠠᠬ᠎ᠠ ᠪᠠᠷ︾ ᠭᠡᠬᠦ ᠦᠭᠡᠨ ᠠᠴᠠ ᠤᠯᠠᠷᠢᠵᠤ ᠢᠷᠡᠯ᠎ᠡ  ᠭᠡᠳᠡᠭ᠂ ᠪᠠᠷᠢᠮᠲᠠ ᠨᠢ ᠲᠤᠰ ᠠᠶᠢᠮᠠᠭ ᠪᠣᠯ ᠮᠣᠩᠭᠤᠯ ᠤᠨ ᠤᠮᠠᠷᠠᠲᠤ ᠶᠤᠸᠠᠨ ᠲᠥᠷᠥ ᠶᠢᠨ ᠬᠠᠭᠠᠨ ᠣᠷᠳᠣᠨ ᠲᠥᠪᠯᠡᠷᠡᠵᠦ ᠪᠠᠶᠢᠭᠰᠠᠨ ᠲᠡᠦᠬᠡ ᠲᠠᠢ ᠠᠴᠠ ᠪᠣᠯᠵᠤ᠂  ︽ᠴᠠᠬᠠᠷ ᠲᠦᠮᠡᠨ︾ ᠭᠡᠵᠦ ᠠᠯᠳᠠᠷᠰᠢᠭᠰᠠᠨ ᠠᠵᠢ᠃ ᠳᠠᠶᠠᠨ ᠬᠠᠭᠠᠨ ᠪᠠᠲᠤᠮᠦ᠋ᠩᠬᠡ ᠥᠭᠡᠷᠡᠴᠢᠯᠡᠯᠲᠡ ᠬᠢᠬᠦ ᠳᠡᠭᠡᠨ ᠥᠪᠡᠷ ᠤᠨ ᠬᠠᠷᠢᠶᠠᠲᠤ ᠣᠷᠣᠨ ᠢᠶᠠᠨ ᠵᠡᠭᠦᠨ  ᠪᠠᠷᠠᠭᠤᠨ ᠬᠤᠶᠠᠷ ᠭᠠᠷ ᠵᠢᠷᠭᠤᠭᠠᠨ ᠲᠦᠮᠡᠨ ᠪᠣᠯᠭᠠᠨ ᠬᠤᠪᠢᠶᠠᠵᠤ᠂ ᠶᠡᠭᠡ ᠬᠠᠭᠠᠨ ᠵᠡᠭᠦᠨ ᠭᠤᠷᠪᠠᠨ ᠲᠦᠮᠡᠨ ᠤ ᠴᠠᠬᠠᠷ ᠲᠦᠮᠡᠨ ᠳᠤ ᠰᠠᠭᠤᠵᠤ᠂ ᠪᠦᠬᠦ  ᠤᠯᠤᠰ ᠢᠶᠠᠨ ᠵᠠᠬᠢᠷᠴᠤ ᠪᠠᠶᠢᠵᠠᠢ᠃ ᠤᠷᠢᠶᠠᠩᠬᠠᠢ ᠲᠦᠮᠡᠨ ᠪᠣᠯ ᠲᠡᠮᠦᠬᠡ ᠣᠳᠴᠢᠬᠢᠨ ᠤ ᠬᠠᠷᠢᠶᠠᠲᠤ ᠢᠷᠭᠡᠨ ᠪᠠ ᠨᠤᠲᠤᠭ ᠢᠶᠠᠷ ᠪᠦᠷᠢᠯᠳᠦᠵᠦ᠂ ᠮᠣᠩᠭᠤᠯ ᠤᠨ  ᠳᠣᠲᠣᠷ᠎ᠠ ᠪᠠᠨ ︽ᠦᠵᠢᠶᠡᠳ︾ ᠭᠡᠬᠦ ᠨᠡᠷ᠎ᠡ ᠪᠠᠷ ᠢᠯᠡᠷᠡᠵᠦ ᠪᠠᠶᠢᠭᠰᠠᠨ ᠪᠠ ᠬᠠᠯᠬ᠎ᠠ ᠲᠦᠮᠡᠨ ᠲᠠᠢ ᠵᠡᠭᠦᠨ ᠭᠤᠷᠪᠠᠨ ᠲᠦᠮᠡᠨ ᠭᠡᠵᠦ ᠪᠠᠶᠢᠵᠠᠢ᠃ ᠪᠠᠷᠠᠭᠤᠨ ᠭᠤᠷᠪᠠᠨ  ᠲᠦᠮᠡᠨ ᠪᠣᠯ ᠣᠷᠳᠣᠰ᠂ ᠲᠦᠮᠡᠳ᠂ ᠶᠦᠩᠰᠢᠪ ᠨᠠᠷ ᠪᠣᠯᠣᠨ᠎ᠠ᠃ ᠴᠠᠬᠠᠷ ᠲᠦᠮᠡᠨ ᠢ ᠡᠬᠢᠨ ᠳᠡᠭᠡᠨ ᠨᠠᠢᠮᠠᠨ ᠨᠤᠲᠤᠭ ᠬᠤᠪᠢᠶᠠᠵᠤ ᠪᠠᠶᠢᠯ᠎ᠠ᠃ ᠲᠡᠳᠡ ᠨᠠᠷ ᠪᠣᠯ  ᠬᠤᠶᠠᠷ ᠦᠵᠦᠮᠦᠴᠢᠨ᠂ ᠬᠤᠶᠠᠷ ᠰᠥᠨᠢᠳ᠂ ᠬᠠᠭᠤᠴᠢᠳ᠂ ᠬᠡᠰᠢᠭᠲᠡᠨ᠂ ᠠᠤᠬᠠᠨ᠂ ᠨᠠᠢᠮᠠᠨ ᠪᠣᠯᠣᠨ᠎ᠠ᠃ ᠵᠠᠷᠢᠮ ᠪᠢᠴᠢᠭ ᠲᠤ ︽ᠠᠤᠬᠠᠨ᠂ ᠨᠠᠢᠮᠠᠨ᠂ ᠰᠥᠨᠢᠳ᠂  ᠦᠵᠦᠮᠦᠴᠢᠨ ᠢ ᠥᠪᠥᠷ ᠳᠦᠷᠪᠡᠨ ᠨᠤᠲᠤᠭ ᠭᠡᠵᠦ᠂ ᠵᠦᠢᠳ᠂ ᠪᠤᠷᠤᠳ᠂ ᠬᠡᠰᠢᠭᠲᠡᠨ᠂ ᠠᠯᠠᠭᠴᠢᠭᠤᠳ ᠢ ᠠᠷᠤ ᠳᠦᠷᠪᠡᠨ ᠨᠤᠲᠤᠭ ᠭᠡᠳᠡᠭ︾ ᠭᠡᠵᠡᠢ᠃ ᠡᠳᠡᠭᠡᠷ  ᠪᠣᠯ ᠳᠠᠶᠠᠨ ᠬᠠᠭᠠᠨ ᠥᠪᠡᠷ ᠤᠨ ᠦᠷ᠎ᠡ ᠬᠥᠪᠡᠭᠦᠳ ᠲᠡᠭᠡᠨ ᠬᠤᠪᠢᠶᠠᠨ ᠥᠮᠴᠢᠯᠡᠭᠦᠯᠦᠭᠰᠡᠨ ᠨᠤᠲᠤᠭ ᠨᠤᠭᠤᠳ ᠪᠣᠯᠣᠨ᠎ᠠ᠃ ᠴᠢᠩ ᠲᠥᠷᠥ ᠶᠢᠨ ᠡᠩᠬᠡ ᠠᠮᠤᠭᠤᠯᠠᠩ  ᠬᠠᠭᠠᠨ᠂ ᠴᠠᠬᠠᠷ ᠤᠨ ᠬᠦᠴᠦᠨ ᠢ ᠵᠠᠳᠠᠷᠠᠭᠤᠯᠬᠤ ᠶᠢᠨ ᠲᠥᠯᠥᠭᠡ᠂ ᠦᠵᠦᠮᠦᠴᠢᠨ᠂ ᠰᠥᠨᠢᠳ᠂ ᠬᠠᠭᠤᠴᠢᠳ ᠭᠤᠷᠪᠠᠨ ᠠᠶᠢᠮᠠᠭ ᠢ ᠰᠢᠯᠢᠩᠭᠤᠣᠯ ᠴᠢᠭᠤᠯᠭᠠᠨ ᠳᠤ  ᠬᠠᠷᠢᠶᠠᠯᠠᠭᠤᠯᠵᠤ᠂ ᠲᠣᠰᠪᠣᠷᠢ ᠬᠤᠶᠠᠷ ᠬᠤᠰᠢᠭᠤ ᠪᠣᠯᠭᠠᠨ ᠲᠣᠬᠢᠷᠠᠭᠤᠯᠵᠠᠢ᠃ ᠦᠯᠡᠳᠡᠭᠰᠡᠨ ᠬᠡᠰᠡᠭ ᠴᠠᠬᠠᠷ ᠢ ᠮᠠᠨᠵᠤ ᠶᠢᠨ ᠨᠠᠢᠮᠠᠨ ᠬᠤᠰᠢᠭᠤ ᠬᠡᠯᠪᠡᠷᠢ ᠪᠠᠷ ᠬᠥᠬᠡ᠂  ᠤᠯᠠᠭᠠᠨ᠂ ᠰᠢᠷ᠎ᠠ᠂ ᠴᠠᠭᠠᠨ ᠳᠦᠷᠪᠡᠨ ᠥᠩᠭᠡ ᠶᠢ ︽ᠰᠢᠯᠤᠭᠤᠨ︾ ᠪᠠ ︽ᠬᠥᠪᠡᠭᠡᠲᠦ︾ ᠭᠡᠵᠦ ᠢᠯᠭᠠᠨ ᠨᠠᠢᠮᠠᠨ ᠬᠤᠰᠢᠭᠤ ᠪᠣᠯᠭᠠᠵᠤ᠂ ᠳᠡᠭᠡᠷ᠎ᠡ ᠨᠢ ᠪᠠᠰᠠ  ᠦᠬᠡᠷ ᠬᠤᠨᠢ ᠶᠢᠨ ︽ᠰᠦᠷᠦᠭ︾ ᠭᠡᠵᠦ ᠭᠠᠷᠭᠠᠭᠠᠳ᠂ ᠪᠠᠰᠠ ᠨᠢᠭᠡᠨ ᠬᠡᠰᠡᠭ ᠢ ᠨᠢ ᠠᠯᠲᠠᠢ ᠶᠢᠨ ᠥᠪᠥᠷ ᠪᠣᠷᠤᠲᠠᠯ᠎ᠠ ᠳᠤ ᠰᠠᠯᠭᠠᠨ ᠰᠠᠭᠤᠯᠭᠠᠪᠠ᠃        
ᠢᠷᠡᠯᠲᠡ᠄ ᠬᠠᠭᠤᠴᠢᠨ ᠪᠠᠷᠭᠤ ᠬᠤᠰᠢᠭᠤᠨ ᠤ ᠠᠷᠠᠳ ᠤᠨ ᠵᠠᠰᠠᠭ ᠤᠨ ᠣᠷᠳᠣᠨ