ᠮᠣᠩᠭᠤᠯ ᠤᠨ ᠡᠯ᠎ᠡ ᠠᠶᠢᠮᠠᠭ ᠤᠨ ᠢᠷᠡᠯ ᠭᠠᠷᠤᠯ ᠤᠨ ᠲᠤᠬᠠᠢ ︵ᠳᠤᠯᠤᠭ᠎ᠠ︶
ᠨᠡᠶᠢᠲᠡᠯᠡᠭᠰᠡᠨ ᠴᠠᠭ᠄
2024/12/16
       ᠲᠤᠯᠤᠭ᠎ᠠ᠂ ᠤᠷᠠᠳ ᠠᠶᠢᠮᠠᠭ᠄ ᠤᠷᠠᠳ ᠪᠣᠯ ᠡᠷᠲᠡᠨ ᠤ ᠮᠣᠩᠭᠤᠯ ᠤᠨ ᠨᠢᠷᠤᠭᠤᠨ ᠠᠶᠢᠮᠠᠭ ᠳᠣᠲᠣᠷᠠᠬᠢ ᠨᠢᠭᠡᠨ ᠬᠠᠭᠤᠴᠢᠨ ᠣᠪᠣᠭ ᠪᠠᠶᠢᠪᠠ᠃ ︽  ᠮᠣᠩᠭᠤᠯ ᠤᠨ ᠨᠢᠭᠤᠴᠠ ᠲᠣᠪᠴᠢᠶᠠᠨ︾᠎ ᠳᠤ ︽ᠣᠷᠤᠭᠤᠳ︾ ᠭᠡᠵᠦ ᠲᠡᠮᠳᠡᠭᠯᠡᠵᠦ ᠪᠠᠶᠢᠪᠠ᠃ ︽ᠰᠦᠢᠶᠤᠸᠠᠨ ᠤ ᠶᠡᠷᠦᠩᠬᠡᠢ ᠣᠶᠢᠯᠠᠯᠭ᠎ᠠ ᠶᠢᠨ ᠨᠣᠣᠷᠠᠭ︾᠎ ᠲᠤ ︽  ᠴᠢᠩ ᠲᠥᠷᠥ ᠶᠢᠨ ᠲᠡᠦᠬᠡ ᠶᠢᠨ ᠨᠣᠣᠷᠠᠭ︾᠎ ᠤᠨ ᠲᠡᠮᠳᠡᠭᠯᠡᠯ ᠢ ᠦᠨᠳᠦᠰᠦᠯᠡᠵᠦ ︽ᠤᠷᠠᠳ︾ ᠭᠡᠵᠦ ᠲᠡᠮᠳᠡᠭᠯᠡᠭᠰᠡᠨ ᠠᠴᠠ ᠡᠨᠡᠬᠦ ᠤᠵᠤᠭᠤᠷ ᠡᠷᠲᠡᠨ ᠤ ᠮᠣᠩᠭᠤᠯ  ᠠᠶᠢᠮᠠᠭ ᠢ ︽ᠤᠷᠠᠨ ᠳᠠᠷᠬᠠᠳ︾ ᠭᠡᠬᠦ ᠤᠳᠬ᠎ᠠ ᠲᠠᠢ ︽ᠤᠷᠠᠳ︾ ᠭᠡᠵᠦ ᠲᠠᠶᠢᠯᠪᠤᠷᠢᠯᠠᠬᠤ ᠦᠵᠡᠭᠳᠡᠯ ᠢᠯᠡᠷᠡᠪᠡ᠃ ᠶᠡᠭᠡ ᠶᠤᠸᠠᠨ ᠤ ︽ᠬᠤᠶᠠᠷ ᠨᠡᠶᠢᠰᠯᠡᠯ ᠤᠨ  ᠳᠠᠶᠢᠨ︾᠎ ᠤ ᠳᠠᠷᠠᠭ᠎ᠠ᠂ ᠬᠡᠰᠡᠭ ᠬᠤᠷᠴᠢᠨᠴᠤᠳ ᠡᠮᠦᠨᠡᠰᠢ ᠪᠠᠭᠤᠵᠤ᠂ ᠦᠵᠢᠶᠡᠳ ᠤᠨ ᠨᠤᠲᠤᠭ ᠲᠤ ᠣᠷᠣᠬᠤ ᠳᠤ᠂ ᠤᠷᠠᠳ᠂ ᠳᠠᠷᠬᠠᠨ ᠮᠤᠤᠮᠢᠩᠭᠠᠨ᠂ ᠳᠥᠷᠪᠡᠨ  ᠬᠥᠪᠡᠭᠦᠳ ᠵᠡᠷᠭᠡ ᠠᠶᠢᠮᠠᠭ ᠬᠥᠯᠥᠨ ᠪᠤᠶᠢᠷ ᠨᠤᠲᠤᠭ ᠲᠠᠭᠠᠨ ᠦᠯᠡᠳᠡᠵᠦ ᠰᠠᠭᠤᠭᠠᠳ ︽ᠠᠷᠤ ᠬᠤᠷᠴᠢᠨ︾ ᠭᠡᠭᠳᠡᠬᠦ ᠪᠣᠯᠪᠠ᠃ ᠴᠢᠩᠭᠢᠰ ᠬᠠᠭᠠᠨ ᠤ ᠳᠡᠭᠦᠦ  ᠬᠠᠪᠤᠲᠤ ᠬᠠᠰᠠᠷ ᠤᠨ ᠬᠤᠷᠢᠨ ᠲᠠᠪᠤᠳᠤᠭᠠᠷ ᠦᠶ᠎ᠡ ᠶᠢᠨ ᠠᠴᠢ ᠪᠤᠷᠬᠠᠢ᠂ ᠥᠪᠡᠷ ᠤᠨ ᠬᠠᠷᠢᠶᠠᠲᠤ ᠪᠠᠨ ︽ᠤᠷᠠᠳ︾ ᠭᠡᠵᠦ ᠨᠡᠷᠡᠯᠡᠪᠡ ᠭᠡᠳᠡᠭ᠃ ᠪᠤᠷᠬᠠᠢ ᠠᠴᠠ  ᠯᠠᠶᠢᠭ᠎ᠠ᠂ ᠪᠤᠶᠠᠨᠬᠤ᠂ ᠠᠷᠰᠠᠬᠤ᠂ ᠪᠦᠯᠦᠲᠦ᠂ ᠪᠠᠷᠰᠠᠢ ᠵᠡᠷᠭᠡ ᠲᠠᠪᠤᠨ ᠬᠦᠦ ᠲᠠᠢ᠃ ᠯᠠᠶᠢᠭ᠎ᠠ ᠶᠢᠨ ᠠᠴᠢ ᠣᠮᠪᠤ᠂ ᠪᠠᠷᠰᠠᠢ ᠶᠢᠨ ᠳᠡᠳ᠋ ᠬᠥᠪᠡᠭᠦᠨ ᠬᠠᠨᠢᠰ ᠴᠢᠩ  ᠲᠠᠶᠢᠵᠢ ᠶᠢᠨ ᠠᠴᠢ ᠰᠤᠷᠡᠩ ᠵᠢᠴᠢ ᠲᠠᠪᠤᠳᠤᠭᠠᠷ ᠬᠦᠦ ᠬᠠᠨᠢᠲᠠᠢ ᠪᠢᠩᠲᠦ ᠲᠠᠶᠢᠵᠢ ᠶᠢᠨ ᠬᠥᠪᠡᠭᠦᠨ ᠲᠣᠪᠠ ᠭᠤᠷᠪᠠᠭᠤᠯᠠ ᠭᠤᠷᠪᠠᠨ ᠤᠷᠠᠳ ᠢ ᠬᠤᠪᠢᠶᠠᠨ ᠵᠠᠬᠢᠷᠪᠠ᠃  1633 ᠣᠨ ᠳᠤ᠂ ᠤᠷᠠᠳ ᠠᠶᠢᠮᠠᠭ ᠬᠤᠶᠢᠲᠤ ᠠᠯᠲᠠᠨ ᠤᠯᠤᠰ ᠤᠨ ᠡᠵᠡᠨ ᠬᠤᠸᠠᠩ ᠲᠠᠶᠢᠵᠢ ᠳᠤ᠂ ᠠᠳᠤᠭᠤ᠂ ᠲᠡᠮᠡᠭᠡ ᠡᠷᠭᠦᠨ ᠳᠠᠭᠠᠪᠠ᠃ 1648  ᠣᠨ ᠳᠤ᠂ ᠴᠢᠩ ᠲᠥᠷᠥ ᠠᠴᠠ ᠤᠷᠠᠳ ᠠᠶᠢᠮᠠᠭ ᠤᠨ ᠭᠠᠪᠢᠶ᠎ᠠ ᠶᠢ ᠲᠣᠭᠠᠴᠠᠵᠤ᠂ ᠲᠣᠪᠠ ᠳᠤ ᠤᠷᠠᠳ ᠳᠤᠮᠳᠠᠳᠣ ᠬᠤᠰᠢᠭᠤ᠂ ᠣᠮᠪᠤ ᠶᠢᠨ ᠬᠦᠦ ᠤᠪᠠᠨ ᠳᠤ  ᠤᠷᠠᠳ ᠡᠮᠦᠨᠡᠲᠦ ᠬᠤᠰᠢᠭᠤ᠂ ᠰᠤᠷᠡᠩ ᠤᠨ ᠬᠦᠦ ᠪᠠᠭᠪᠠᠭ᠋ᠠᠢ ᠳᠤ ᠤᠷᠠᠳ ᠬᠤᠶᠢᠲᠤ ᠬᠤᠰᠢᠭᠤ ᠶᠢ ᠲᠣᠰ ᠲᠣᠰ ᠬᠤᠪᠢᠶᠠᠨ ᠥᠭᠴᠦ᠂ ᠤᠯᠤᠰ ᠲᠤᠷ ᠲᠤᠰᠠᠯᠠᠭᠴᠢ  ᠭᠥᠩ᠂ ᠤᠯᠤᠰ ᠤᠨ ᠲᠦᠰᠢᠶ᠎ᠡ ᠭᠦᠩ ᠵᠡᠷᠭᠡ ᠬᠡᠷᠬᠢᠮ ᠬᠦᠷᠲᠡᠭᠡᠵᠦ᠂ ᠵᠠᠰᠠᠭ ᠮᠡᠳᠡᠭᠦᠯᠵᠡᠢ᠃            
ᠢᠷᠡᠯᠲᠡ᠄ ᠬᠠᠭᠤᠴᠢᠨ ᠪᠠᠷᠭᠤ ᠬᠤᠰᠢᠭᠤᠨ ᠤ ᠠᠷᠠᠳ ᠤᠨ ᠵᠠᠰᠠᠭ ᠤᠨ ᠣᠷᠳᠣᠨ