ᠮᠣᠩᠭᠤᠯ ᠤᠨ ᠡᠯ᠎ᠡ ᠠᠶᠢᠮᠠᠭ ᠤᠨ ᠢᠷᠡᠯ ᠭᠠᠷᠤᠯ ᠤᠨ ᠲᠤᠬᠠᠢ ︵ᠨᠠᠢᠮᠠ︶
ᠨᠡᠶᠢᠲᠡᠯᠡᠭᠰᠡᠨ ᠴᠠᠭ᠄
2024/12/16
       ᠨᠠᠢᠮᠠ᠂ ᠲᠦᠮᠡᠳ ᠠᠶᠢᠮᠠᠭ᠄ ᠲᠦᠮᠡᠳ ᠠᠶᠢᠮᠠᠭ ᠪᠣᠯ ᠡᠷᠲᠡᠨ ᠤ ︽ᠣᠢ ᠶᠢᠨ ᠢᠷᠭᠡᠳ︾᠎ ᠤᠨ ᠳᠣᠲᠣᠷᠠᠬᠢ ︽ᠬᠤᠷᠢ ᠲᠤᠮᠠᠳ︾᠎ ᠤᠨ ᠬᠤᠶᠢᠴᠢᠰ ᠮᠥᠨ᠃  ᠳᠠᠶᠠᠨ ᠬᠠᠭᠠᠨ ᠪᠠᠲᠤᠮᠦ᠋ᠩᠬᠡ ᠲᠥᠷᠥ ᠶᠢᠨ ᠥᠭᠡᠷᠡᠴᠢᠯᠡᠯᠲᠡ ᠬᠢᠬᠦ ᠳᠡᠭᠡᠨ ᠲᠦᠮᠡᠳ ᠢ ᠪᠠᠷᠠᠭᠤᠨ ᠭᠤᠷᠪᠠᠨ ᠲᠦᠮᠡᠨ ᠳᠤ ᠣᠷᠣᠭᠤᠯᠵᠤ᠂ ᠭᠤᠷᠪᠠᠳᠤᠭᠠᠷ ᠬᠥᠪᠡᠭᠦᠨ  ᠪᠠᠷᠰᠪᠤᠯᠤᠳ ᠲᠤ ᠲᠤᠰᠢᠶᠠᠨ ᠵᠠᠬᠢᠷᠤᠭᠤᠯᠵᠠᠢ᠃ ᠪᠠᠷᠰᠪᠤᠯᠤᠳ ᠵᠢᠨᠥᠩ ᠤᠨ ᠳᠡᠳ᠋ ᠬᠥᠪᠡᠭᠦᠨ ᠠᠯᠲᠠᠨ ᠭᠡᠭᠡᠨ 12 ᠨᠤᠲᠤᠭ ᠲᠦᠮᠡᠳ ᠢ ᠵᠠᠬᠢᠷᠴᠤ᠂ ᠳᠠᠷᠠᠶᠢᠰᠤᠨ  ᠬᠦᠳᠡᠩ ᠬᠠᠭᠠᠨ ᠠᠴᠠ ︽ᠬᠠᠭᠠᠨ ᠲᠥᠷᠥ ᠶᠢ ᠬᠠᠰᠢᠭᠴᠢ ᠰᠢᠲᠦ ᠬᠠᠨ︾ ᠭᠡᠬᠦ ᠪᠠᠭ᠎ᠠ ᠬᠠᠭᠠᠨ ᠤ ᠴᠣᠯᠠ ᠶᠢ ᠲᠤᠯᠭᠠᠨ ᠠᠪᠤᠭᠠᠳ᠂ 1578 ᠣᠨ ᠳᠤ ᠴᠠᠪᠴᠢᠶᠠᠯ  ᠰᠦᠮ᠎ᠡ ᠳᠤ ᠭᠤᠲᠠᠭᠠᠷ ᠲᠦᠷᠦ ᠶᠢᠨ ᠳᠠᠯᠠᠢ ᠯᠠᠮᠠ ᠰᠣᠳᠨᠠᠮᠵᠠᠮᠰᠤ ᠲᠠᠢ ᠠᠭᠤᠯᠵᠠᠵᠤ ︽ᠮᠢᠩᠭᠠᠨ ᠠᠯᠲᠠᠨ ᠬᠦᠷᠳᠦᠨ ᠢ ᠡᠷᠭᠢᠭᠦᠯᠦᠭᠴᠢ ᠽᠠᠺᠷᠠᠸᠠᠷᠳᠢ ᠶᠢᠨ ᠰᠡᠴᠡᠨ  ᠬᠠᠭᠠᠨ︾ ᠭᠡᠬᠦ ᠴᠣᠯᠠ ᠠᠪᠴᠠᠢ᠃ ᠠᠯᠲᠠᠨ ᠭᠡᠭᠡᠨ ᠬᠠᠭᠠᠨ ᠤ ᠭᠤᠲᠠᠭᠠᠷ ᠬᠥᠪᠡᠭᠦᠨ ᠲᠥᠪᠡᠳ ᠲᠠᠶᠢᠵᠢ ᠶᠢᠨ ᠬᠥᠪᠡᠭᠦᠨ ᠵᠠᠴᠦᠢ ᠳᠠᠶᠢᠴᠢᠩ ︵︽ᠮᠢᠩ  ᠤᠯᠤᠰ ᠤᠨ ᠲᠡᠦᠬᠡ︾᠎ ᠳᠠᠬᠢ ᠪᠠᠭ᠋ᠠᠨ ᠨᠠᠵᠢ︶᠂ ᠬᠦᠬᠡᠬᠤᠲᠠ ᠶᠢᠨ ᠬᠤᠶᠠᠷ ᠲᠦᠮᠡᠳ ᠬᠤᠰᠢᠭᠤ ᠶᠢ ᠵᠠᠬᠢᠷᠪᠠ᠃ ᠲᠠᠪᠤᠳᠤᠭᠠᠷ ᠬᠥᠪᠡᠭᠦᠨ ᠪᠠᠶᠠᠨᠳᠠᠷ ᠨᠠᠷᠢᠨ ᠲᠠᠶᠢᠵᠢ᠂  ᠴᠠᠭᠠᠨ ᠲᠠᠲᠠᠷ ᠢ ᠵᠠᠬᠢᠷᠪᠠ᠃ ᠵᠢᠷᠭᠤᠳᠤᠭᠠᠷ ᠬᠥᠪᠡᠭᠦᠨ ᠪᠣᠳᠢᠳᠠᠷ᠎ᠠ ᠣᠳᠬᠠᠨ ᠲᠠᠶᠢᠵᠢ ᠶᠡᠭᠡ ᠶᠥᠩᠰᠢᠪ ᠢ ᠵᠠᠬᠢᠷᠪᠠ᠃ ᠤᠷᠢᠶᠠᠩᠬᠠᠢ ᠵᠠᠯᠮ᠎ᠠ ᠶᠢᠨ ᠬᠤᠶᠢᠴᠢᠰ  ᠪᠠᠭᠠᠰᠤᠳ ᠪᠠᠭᠠᠲᠤᠷ᠂ ᠠᠯᠲᠠᠨ ᠭᠡᠭᠡᠨ ᠬᠠᠭᠠᠨ ᠤ ᠥᠬᠢᠨ ᠢ ᠠᠪᠴᠤ ︽ᠲᠠᠪᠤᠨᠠᠩ︾ ᠪᠣᠯᠤᠭᠰᠠᠨ ᠢᠶᠠᠷ ᠢᠶᠠᠨ ᠬᠠᠷᠠᠴᠢᠨ ᠭᠤᠷᠪᠠᠨ ᠬᠤᠰᠢᠭᠤ ᠪᠣᠯᠣᠨ ᠵᠡᠭᠦᠨ  ᠲᠦᠮᠡᠳ ︵ᠣᠳᠣᠬᠢ ᠯᠢᠶᠣᠣᠨᠢᠩ ᠮᠤᠵᠢ ᠳᠠᠬᠢ ᠪᠧᠢ ᠫᠢᠶᠣᠣ ᠰᠢᠶᠠᠨ︶ ᠬᠤᠰᠢᠭᠤ ᠶᠢ ᠵᠠᠬᠢᠷᠴᠠᠢ᠃        
ᠢᠷᠡᠯᠲᠡ᠄ ᠬᠠᠭᠤᠴᠢᠨ ᠪᠠᠷᠭᠤ ᠬᠤᠰᠢᠭᠤᠨ ᠤ ᠠᠷᠠᠳ ᠤᠨ ᠵᠠᠰᠠᠭ ᠤᠨ ᠣᠷᠳᠣᠨ