ᠶᠢᠰᠦ᠂ ᠣᠷᠳᠣᠰ ᠠᠶᠢᠮᠠᠭ᠄ ᠰᠤᠷᠪᠤᠯᠵᠢ ᠪᠢᠴᠢᠭ ᠲᠤ ᠲᠡᠮᠳᠡᠭᠯᠡᠭᠰᠡᠨ ᠢᠶᠠᠷ᠂ ᠴᠢᠩᠭᠢᠰ ᠬᠠᠭᠠᠨ ᠤ ᠴᠢᠨᠳᠠᠷ ᠢ ᠣᠨᠣᠨ ᠭᠤᠣᠯ ᠤᠨ ᠡᠬᠢᠨ ᠳᠤ ᠣᠷᠣᠰᠢᠭᠤᠯᠵᠤ᠂ | ᠶᠡᠭᠡ ᠰᠦᠯᠳᠡ ᠪᠠᠶᠢᠭᠤᠯᠤᠨ ᠤᠭᠰᠠᠭ᠎ᠠ ᠶᠢᠨ ᠸᠠᠩ ᠨᠠᠷ ᠬᠢᠭᠡᠳ ᠨᠣᠶᠠᠳ ᠤᠨ ᠳᠠᠶᠢᠵᠤ ᠲᠠᠬᠢᠬᠤ ᠳᠤ ᠵᠣᠷᠢᠭᠤᠯᠤᠯ᠎ᠠ ᠭᠡᠳᠡᠭ᠃ ᠶᠤᠸᠠᠨ ᠲᠥᠷᠥ ᠶᠢᠨ ᠲᠢᠶᠠᠨ | ᠱᠦᠨ ᠤ ᠡᠷᠢᠨ ᠳᠤ᠂ ᠴᠢᠩᠭᠢᠰ ᠬᠠᠭᠠᠨ ᠤ ᠲᠠᠬᠢᠯ ᠤᠨ ᠣᠷᠳᠣᠨ ᠢ ᠣᠳᠣᠬᠢ ᠣᠷᠳᠣᠰ ᠲᠤ ᠰᠢᠯᠵᠢᠭᠦᠯᠦᠨ ᠠᠪᠠᠴᠢᠭᠠᠳ᠂ ᠵᠢᠯ ᠣᠨ ᠲᠠᠰᠤᠷᠠᠯ ᠦᠭᠡᠢ ᠲᠠᠬᠢᠵᠤ | ᠪᠠᠶᠢᠭᠰᠠᠨ ᠢᠶᠠᠷ ᠡᠨᠡ ᠭᠠᠵᠠᠷ ᠲᠤ ︽ᠶᠡᠭᠡ ᠵᠤᠤ︾ ᠊᠊᠊᠊᠊᠊ ︽ᠣᠷᠳᠣᠰ︾ ᠭᠡᠬᠦ ᠨᠡᠷ᠎ᠡ ᠰᠢᠩᠭᠡᠭᠰᠡᠨ ᠪᠠᠶᠢᠵᠠᠢ᠃ ᠮᠣᠩᠭᠤᠯ ᠲᠡᠦᠬᠡᠨ ᠪᠢᠴᠢᠭ ᠲᠤ ︽ᠨᠠᠢᠮᠠᠨ ᠴᠠᠭᠠᠨ ᠭᠡᠷ︾ | ᠭᠡᠳᠡᠭ ᠪᠠᠶᠢᠭᠰᠠᠨ ᠪᠣᠯᠬᠤᠷ ︽ᠨᠠᠢᠮᠠᠨ ᠴᠠᠭᠠᠨ ᠭᠡᠷ ᠢ ᠰᠠᠬᠢᠭᠰᠠᠨ ᠵᠢᠷᠭᠤᠭᠠᠨ ︵ᠳᠣᠯᠤᠭᠠᠨ︶ ᠲᠦᠮᠡᠨ ᠣᠷᠳᠣᠰ︾ ᠭᠡᠳᠡᠭ ᠰᠠᠨ᠃ ᠳᠠᠶᠠᠨ ᠬᠠᠭᠠᠨ ᠤ ᠭᠤᠷᠪᠠᠳᠤᠭᠠᠷ | ᠬᠥᠪᠡᠭᠦᠨ ᠪᠠᠷᠰᠪᠤᠯᠤᠳ᠂ ᠲᠡᠭᠦᠨ ᠤ ᠤᠤᠭᠠᠨ ᠬᠥᠪᠡᠭᠦᠨ ᠬᠦᠮᠡᠯᠢ ᠮᠡᠷᠭᠡᠨ ᠬᠠᠷ᠎ᠠ ᠵᠢᠨᠥᠩ ᠤᠨ ᠬᠤᠶᠢᠴᠢᠰ ᠣᠷᠳᠣᠰ ᠲᠦᠮᠡᠨ ᠢ ᠡᠵᠡᠯᠡᠪᠡ᠃ ᠳᠠᠾᠷᠮᠠ ᠭᠦᠰᠢ ᠶᠢᠨ | ︽ᠠᠯᠲᠠᠨ ᠬᠦᠷᠳᠦᠨ ᠮᠢᠩᠭᠠᠨ ᠬᠡᠭᠡᠰᠦᠲᠦ︾ ᠭᠡᠳᠡᠭ ᠮᠣᠩᠭᠤᠯ ᠤᠨ ᠦᠶ᠎ᠡ ᠵᠠᠯᠭᠠᠮᠵᠢ ᠶᠢᠨ ᠪᠢᠴᠢᠭ ᠲᠤ᠂ ᠣᠷᠳᠣᠰ ᠪᠠᠷᠠᠭᠤᠨ ᠭᠠᠷᠤᠨ ᠣᠲᠤᠭ ᠢ ᠭᠡᠭᠦᠳ | ᠰᠢᠪᠠᠭᠤᠴᠢᠨ᠂ ᠤᠷᠠᠳ ᠲᠠᠩᠭᠤᠳ᠂ ᠳᠠᠯᠠᠳ ᠬᠠᠩᠭᠢᠨ᠂ ᠮᠡᠷᠭᠢᠳ ᠪᠠᠭ᠋ᠠᠰ᠂ ᠪᠡᠰᠦᠳ ᠦᠦᠰᠢᠨ᠂ ᠰᠦᠲᠡᠭᠡᠨ᠂ ᠬᠠᠯᠢᠭᠤᠴᠢᠨ ᠭᠡᠳ᠂ ᠵᠡᠭᠦᠨ ᠭᠠᠷᠤᠨ ᠤᠲᠤᠭ ᠢ | ᠬᠡᠷᠡᠶᠢᠳ᠂ ᠬᠠᠭᠤᠴᠢᠳ᠂ ᠮᠢᠩᠭᠠᠳ᠂ ᠬᠤᠶᠢᠴᠢᠨ᠂ ᠬᠤᠶᠠᠭᠴᠢᠨ᠂ ᠳᠦᠷᠪᠡᠨ ᠤᠶᠢᠭᠤᠷᠵᠢᠨ᠂ ᠭᠤᠷᠪᠠᠨ ᠣᠲᠤᠭ ᠠᠮᠠᠨᠳᠠ ᠭᠡᠵᠡᠢ᠃ ᠴᠢᠩ ᠲᠥᠷᠥ ᠶᠢᠨ ᠡᠶᠡᠪᠡᠷ | ᠵᠠᠰᠠᠭᠴᠢ ᠬᠠᠭᠠᠨ ᠤ ᠵᠢᠷᠭᠤᠳᠤᠭᠠᠷ ᠣᠨ ︵1649︶ ᠳᠤ᠂ ᠣᠷᠳᠣᠰ ᠢ ᠣᠷᠳᠣᠰ ᠵᠡᠭᠦᠨ ᠭᠠᠷᠤᠨ ᠳᠤᠮᠳᠠᠳᠤ ᠬᠤᠰᠢᠭᠤ ᠊᠊᠊᠊᠊᠊ ᠵᠢᠶᠦ᠋ᠨ ᠸᠠᠩ ᠤᠨ ᠬᠤᠰᠢᠭᠤ᠂ | ᠣᠷᠳᠣᠰ ᠵᠡᠭᠦᠨ ᠭᠠᠷᠤᠨ ᠡᠮᠦᠨᠡᠲᠦ ᠬᠤᠰᠢᠭᠤ ᠊᠊᠊᠊᠊᠊ ᠵᠦᠩᠭᠠᠷ ᠬᠤᠰᠢᠭᠤ᠂ ᠣᠷᠳᠣᠰ ᠵᠡᠭᠦᠨ ᠭᠠᠷᠤᠨ ᠬᠤᠶᠢᠲᠤ ᠬᠤᠰᠢᠭᠤ ᠊᠊᠊᠊᠊᠊ ᠳᠠᠯᠠᠳ ᠬᠤᠰᠢᠭᠤ᠂ ᠣᠷᠳᠣᠰ | ᠪᠠᠷᠠᠭᠤᠨ ᠭᠠᠷᠤᠨ ᠳᠤᠮᠳᠠᠳᠤ ᠬᠤᠰᠢᠭᠤ ᠊᠊᠊᠊᠊᠊ ᠣᠲᠤᠭ ᠬᠤᠰᠢᠭᠤ᠂ ᠣᠷᠳᠣᠰ ᠪᠠᠷᠠᠭᠤᠨ ᠭᠠᠷᠤᠨ ᠡᠮᠦᠨᠡᠲᠦ ᠬᠤᠰᠢᠭᠤ ᠊᠊᠊᠊᠊᠊ ᠦᠦᠰᠢᠨ ᠬᠤᠰᠢᠭᠤ᠂ ᠣᠷᠳᠣᠰ | ᠪᠠᠷᠠᠭᠤᠨ ᠭᠠᠷᠤᠨ ᠬᠤᠶᠢᠲᠤ ᠬᠤᠰᠢᠭᠤ ᠊᠊᠊᠊᠊᠊ ᠬᠠᠩᠭᠢᠨ ᠬᠤᠰᠢᠭᠤ᠂ ᠣᠷᠳᠣᠰ ᠪᠠᠷᠠᠭᠤᠨ ᠭᠠᠷᠤᠨ ᠡᠮᠦᠨᠡᠲᠦ ᠠᠳᠠᠭ ᠬᠤᠰᠢᠭᠤ ᠊᠊᠊᠊᠊᠊ ᠵᠠᠰᠠᠭ ᠬᠤᠰᠢᠭᠤ ᠭᠡᠵᠦ 7 | ᠬᠤᠰᠢᠭᠤ ᠬᠤᠪᠢᠶᠠᠵᠠᠢ᠃ ᠪᠠᠳᠠᠷᠠᠭᠤᠯᠲᠤ ᠲᠥᠷᠥ ᠶᠢᠨ ᠭᠤᠴᠢᠨ ᠭᠤᠷᠪᠠᠳᠤᠭᠠᠷ ᠣᠨ ︵1907︶ ᠳᠤ᠂ ᠴᠢᠩ ᠲᠥᠷᠥ ᠠᠴᠠ ᠣᠷᠳᠣᠰ ᠵᠡᠭᠦᠨ ᠭᠠᠷᠤᠨ ᠳᠣᠮᠳᠠᠳᠣ | ᠬᠤᠰᠢᠭᠤᠨ ᠤ ᠬᠠᠭᠠᠯᠪᠤᠷᠢᠯᠠᠭᠰᠠᠨ ᠭᠠᠵᠠᠷ ᠳᠡᠭᠡᠷ᠎ᠡ ᠳᠥᠩ ᠱᠧᠩ ᠲᠢᠩ ᠢ ᠪᠠᠶᠢᠭᠤᠯᠵᠠᠢ᠃ | | | |