ᠠᠷᠪᠠᠨ ᠨᠢᠭᠡ᠂ ᠪᠠᠷᠭᠤ ᠪᠤᠷᠢᠶᠠᠳ ᠠᠶᠢᠮᠠᠭ᠄ ᠪᠠᠷᠭᠤ ᠪᠤᠷᠢᠶᠠᠳ ᠠᠶᠢᠮᠠᠭ ᠪᠣᠯ ᠠᠬ᠎ᠠ ᠳᠡᠭᠦᠦ ᠬᠤᠶᠠᠷ ᠤᠨ ᠬᠤᠶᠢᠴᠢᠰ ᠭᠡᠳᠡᠭ᠃ ᠮᠠᠨ ᠤ ᠮᠣᠩᠭᠤᠯ | ᠦᠨᠳᠦᠰᠦᠲᠡᠨ ᠤ ᠳᠣᠲᠣᠷᠠᠬᠢ ᠤᠵᠤᠭᠤᠷ ᠡᠷᠲᠡᠨ ᠤ ᠠᠶᠢᠮᠠᠭ ᠪᠣᠯᠣᠨ᠎ᠠ᠃ ᠬᠢᠲᠠᠳ ᠰᠤᠷᠪᠤᠯᠵᠢ ᠪᠢᠴᠢᠭ ᠲᠤ ︽ᠪᠠ ᠶᠧ ᠵᠢᠢ︾ ︽ᠪᠠ ᠶᠧ ᠭᠦ᠋︾ ︽ᠪᠠ ᠡᠯ ᠾᠦᠨ︾ | ︽ᠪᠠ ᠡᠯ ᠬᠦ᠋︾ ︽ᠪᠠ ᠡᠯ ᠦ᠋︾ ᠁ ᠭᠡᠬᠦ ᠮᠡᠲᠦ ᠣᠯᠠᠨ ᠵᠦᠢᠯ ᠢᠶᠠᠷ ᠲᠡᠮᠳᠡᠭᠯᠡᠳᠡᠭ ᠰᠠᠨ᠃ ᠲᠡᠳᠡ ᠨᠠᠷ ᠪᠠᠶᠢᠭᠠᠯ ᠨᠠᠭᠤᠷ ᠤᠨ ᠵᠡᠭᠦᠨ ᠬᠤᠶᠢᠲᠤ ᠪᠠᠷᠭᠤᠵᠢᠨ | ᠲᠦᠬᠦᠮ ᠣᠷᠴᠢᠮ ᠳᠤ ᠠᠩ ᠭᠦᠷᠦᠭᠡ ᠵᠢᠭᠠᠰᠤ ᠵᠢᠷᠠᠭᠠᠬᠠᠢ ᠠᠩᠨᠠᠨ ᠠᠮᠢᠳᠤᠷᠠᠵᠤ ᠪᠠᠶᠢᠭᠰᠠᠨ ᠪᠣᠯᠬᠤᠷ ︽ᠣᠢ ᠶᠢᠨ ᠢᠷᠭᠡᠳ︾ ᠲᠤ ᠬᠠᠮᠤᠷᠤᠭᠳᠠᠵᠤ᠂ | ᠣᠶᠢᠷᠠᠳ ᠤᠨ ᠬᠤᠯᠪᠣᠭᠠᠨ ᠳᠤ ᠵᠠᠬᠢᠷᠤᠭᠳᠠᠵᠤ ᠪᠠᠶᠢᠵᠠᠢ᠃ ᠴᠢᠩ ᠲᠥᠷᠥ ᠶᠢᠨ ᠡᠩᠬᠡ ᠠᠮᠤᠭᠤᠯᠠᠩ ᠬᠠᠭᠠᠨ ᠤ ᠦᠶ᠎ᠡ ᠳᠤ ᠨᠢᠭᠡ ᠪᠦᠯᠦᠭ ᠪᠠᠷᠭᠤᠴᠤᠳ ᠢ ᠮᠣᠩᠭᠤᠯ | ᠨᠠᠢᠮᠠᠨ ᠬᠤᠰᠢᠭᠤᠨ ᠳᠤ ᠪᠠᠭᠲᠠᠭᠠᠨ᠂ ᠶᠡᠭᠡ ᠬᠢᠩᠭᠠᠨ ᠳᠠᠪᠠᠭᠠᠨ ᠠᠴᠠ ᠵᠡᠭᠦᠨᠰᠢ ᠪᠣᠳᠬᠠ ᠶᠢᠨ ᠲᠠᠯ᠎ᠠ ᠨᠤᠲᠤᠭ ᠲᠤ ᠲᠣᠬᠢᠷᠠᠭᠤᠯᠵᠠᠢ᠃ ᠪᠠᠰᠠ ᠨᠢᠭᠡᠨ ᠬᠡᠰᠡᠭ ᠢ ᠨᠢ | ᠬᠠᠯᠬ᠎ᠠ ᠮᠣᠩᠭᠤᠯ ᠳᠤ ᠬᠤᠪᠢᠶᠠᠨ ᠲᠠᠷᠬᠠᠭᠠᠪᠠ᠃ 1732 ᠣᠨ ᠳᠤ᠂ ᠴᠢᠩ ᠲᠥᠷᠥ ᠠᠴᠠ ᠬᠥᠯᠥᠨ ᠪᠤᠶᠢᠷ ᠣᠷᠣᠨ ᠤ ᠰᠡᠷᠭᠡᠶᠢᠯᠡᠯᠲᠡ ᠪᠠᠨ ᠴᠢᠩᠭᠠᠳᠬᠠᠬᠤ ᠶᠢᠨ | ᠲᠥᠯᠥᠭᠡ᠂ ᠰᠣᠯᠣᠨ᠂ ᠳᠠᠭᠤᠷ᠂ ᠣᠷᠴᠣᠨ ᠪᠠ ᠪᠠᠷᠭᠤ ᠪᠤᠷᠢᠶᠠᠳ ᠴᠡᠷᠢᠭ ᠢ ᠭᠡᠷ ᠪᠦᠯᠢ ᠲᠠᠢ ᠨᠢ ᠨᠡᠶᠢᠲᠡ 3796 ᠬᠥᠮᠥᠨ ᠢ ᠨᠡᠭᠦᠯᠭᠡᠨ ᠣᠳᠣᠬᠢ ᠬᠠᠭᠤᠴᠢᠨ | ᠪᠠᠷᠭᠤ ᠬᠤᠰᠢᠭᠤᠨ ᠤ ᠨᠤᠲᠤᠭ ᠲᠤ ᠠᠪᠠᠴᠢᠪᠠ᠃ 1734 ᠣᠨ ᠳᠤ᠂ ᠴᠢᠩ ᠲᠥᠷᠥ᠂ ᠬᠠᠯᠬ᠎ᠠ ᠶᠢᠨ ᠰᠡᠴᠡᠨ ᠬᠠᠨ ᠠᠶᠢᠮᠠᠭ ᠠᠴᠠ ᠨᠠᠢᠮᠠᠨ ᠬᠤᠰᠢᠭᠤᠨ ᠳᠤ | ᠣᠷᠣᠭᠰᠠᠨ 2400 ᠭᠠᠷᠤᠢ ᠪᠠᠷᠭᠤᠴᠤᠳ ᠢ ᠬᠡᠷᠦᠯᠦᠨ ᠭᠤᠣᠯ ᠤᠨ ᠳᠣᠣᠷᠠᠳᠤ ᠤᠷᠤᠰᠬᠠᠯ ᠬᠥᠯᠥᠨ ᠨᠠᠭᠤᠷ ᠳᠠᠭᠠᠤ ᠣᠳᠣᠬᠢ ᠰᠢᠨ᠎ᠡ ᠪᠠᠷᠭᠤ ᠵᠡᠭᠦᠨ ᠪᠠᠷᠠᠭᠤᠨ | ᠬᠤᠰᠢᠭᠤ ᠶᠢᠨ ᠨᠤᠲᠤᠭ ᠲᠤ ᠲᠣᠬᠢᠷᠠᠭᠤᠯᠵᠠᠢ᠃ ᠡᠮᠦᠨ᠎ᠡ ᠬᠤᠶᠢᠨ᠎ᠠ ᠬᠤᠶᠠᠷ ᠵᠢᠯ ᠤᠨ ᠵᠥᠷᠢᠶ᠎ᠡ ᠪᠠᠷ ︽ᠰᠢᠨ᠎ᠡ︾ ︽ᠬᠠᠭᠤᠴᠢᠨ︾ ᠭᠡᠬᠦ ᠢᠯᠭᠠᠯ ᠪᠣᠢ ᠪᠣᠯᠤᠭᠰᠠᠨ | ᠪᠠᠶᠢᠵᠠᠢ᠃ ᠶᠡᠷᠦ ᠳᠡᠭᠡᠨ ᠪᠠᠷᠭᠤ ᠪᠣᠯᠣᠨ ᠪᠤᠷᠢᠶᠠᠳ ᠢ ᠬᠤᠯᠪᠣᠵᠤ ᠳᠠᠭᠤᠳᠠᠳᠠᠭ ᠪᠣᠯᠬᠤᠷ ᠠᠳᠡ ᠢᠯᠭᠠᠨ ᠲᠣᠳᠣᠷᠬᠠᠶᠢᠯᠠᠭᠰᠠᠨ ᠦᠭᠡᠢ ᠶᠤᠮ᠃ | | | |