ᠠᠷᠪᠠᠨ ᠬᠤᠶᠠᠷ᠂ ᠣᠶᠢᠷᠠᠳ ᠠᠶᠢᠮᠠᠭ᠄ ᠣᠶᠢᠷᠠᠳ ᠠᠶᠢᠮᠠᠭ ᠠᠳᠠᠯᠢ ᠪᠤᠰᠤ ᠲᠡᠦᠬᠡ ᠶᠢᠨ ᠴᠠᠭ ᠦᠶ᠎ᠡ ᠳᠤ ᠠᠳᠠᠯᠢ ᠪᠤᠰᠤ ᠨᠡᠷᠡᠶᠢᠳᠦᠯ ᠢᠶᠠᠷ ᠢᠯᠡᠷᠡᠵᠦ ᠪᠠᠶᠢᠪᠠ᠃ | ᠶᠡᠭᠡ ᠶᠤᠸᠠᠨ ᠲᠥᠷᠥ ᠶᠢᠨ ᠦᠶ᠎ᠡ ᠳᠤ ︽ᠣᠶᠢᠷᠠᠳ︾ ᠭᠡᠵᠦ᠂ ᠮᠢᠩ ᠲᠥᠷᠥ ᠶᠢᠨ ᠦᠶ᠎ᠡ ᠳᠤ ︽ᠥᠭᠡᠯᠡᠳ︾ ᠊᠊᠊᠊᠊᠊᠊᠊᠊ ︽ᠸᠠᠯᠠ︾ ᠭᠡᠬᠦ ᠪᠤᠶᠤ ︽ᠪᠠᠷᠠᠭᠤᠨ ᠮᠣᠩᠭᠤᠯ︾ | ︽ᠭᠤᠪᠢ ᠶᠢᠨ ᠪᠠᠷᠠᠭᠤᠨ︾ ᠭᠡᠵᠦ ᠪᠠᠶᠢᠵᠠᠢ᠃ ᠡᠷᠳᠡᠮ ᠰᠢᠨᠵᠢᠯᠡᠭᠡᠨ ᠤ ᠬᠢᠨ ︽ᠳᠦᠷᠪᠡᠨ ᠣᠶᠢᠷᠠᠳ ᠤᠨ ᠬᠤᠯᠪᠣᠭ᠎ᠠ︾ ᠭᠡᠵᠦ ᠨᠡᠷᠡᠯᠡᠭᠡᠳ᠂ ᠡᠬᠢ᠂ ᠳᠤᠮᠳᠠ᠂ ᠠᠳᠠᠭ | ᠭᠡᠵᠦ ᠭᠤᠷᠪᠠᠨ ᠱᠠᠲᠤ ᠦᠶ᠎ᠡ ᠬᠤᠪᠢᠶᠠᠨ ᠰᠢᠨᠵᠢᠯᠡᠭᠰᠡᠨ ᠪᠠᠶᠢᠳᠠᠭ᠃ ᠲᠡᠳᠡᠨ ᠤ ᠳᠣᠲᠣᠷᠠᠬᠢ ᠬᠤᠱᠣᠳ ᠠᠶᠢᠮᠠᠭ᠂ ᠬᠥᠬᠡᠨᠠᠭᠤᠷ ᠲᠥᠪᠡᠳ ᠤᠨ ᠥᠨᠳᠦᠷᠯᠢᠭ ᠢ | ᠡᠵᠡᠯᠡᠵᠦ᠂ ᠿᠠᠰᠠᠩ ᠬᠠᠭᠠᠨᠲᠤ ᠲᠦᠷᠦ ᠶᠢ ᠪᠠᠶᠢᠭᠤᠯᠵᠤ᠂ ᠵᠠᠭᠤ ᠰᠢᠬᠠᠮ ᠵᠢᠯ ᠶᠠᠪᠤᠵᠠᠢ᠃ ᠥᠭᠡᠯᠡᠳ ᠠᠶᠢᠮᠠᠭ ᠠᠯᠲᠠᠢ ᠣᠷᠴᠢᠮ ᠢ ᠡᠵᠡᠯᠡᠵᠦ᠂ ᠵᠦᠩᠭᠠᠷ ᠬᠠᠭᠠᠨᠲᠤ | ᠤᠯᠤᠰ ᠢ ᠪᠠᠶᠢᠭᠤᠯᠵᠠᠢ᠃ ︽ᠠᠯᠲᠠᠨ ᠬᠦᠷᠳᠦᠨ ᠮᠢᠩᠭᠠᠨ ᠬᠡᠭᠡᠰᠦᠲᠦ︾ ᠬᠡᠮᠡᠬᠦ ᠪᠢᠴᠢᠭ ᠲᠤ᠄ ︽ᠳᠣᠸᠠ ᠰᠣᠬᠤᠷ ᠤᠨ ᠳᠦᠷᠪᠡᠨ ᠬᠥᠪᠡᠭᠦᠨ ᠳᠣᠨᠣᠢ᠂ ᠳᠣᠭᠰᠢᠨ᠂ | ᠠᠯᠢᠮ᠎ᠠ᠂ ᠡᠯᠢᠭᠡ ᠶᠢᠨ ᠬᠤᠶᠢᠴᠢᠰ ᠣᠶᠢᠷᠠᠳ᠂ ᠣᠯᠬᠤᠨᠤᠳ᠂ ᠪᠠᠭᠠᠲᠤᠳ᠂ ᠬᠤᠶᠢᠳ ᠬᠡᠷᠡᠨᠦᠳ ᠳᠦᠷᠪᠡᠨ ᠣᠪᠣᠭ ᠤᠨ ᠳᠡᠭᠡᠳᠦᠰ ᠪᠣᠯᠪᠠ︾ ᠭᠡᠵᠡᠢ᠃ ᠬᠤᠱᠣᠳ ᠪᠣᠯ | ᠬᠤᠷᠴᠢᠨ ᠤ ᠰᠠᠯᠪᠤᠷᠢ᠂ 15 ᠳ᠋ᠤᠭᠠᠷ ᠵᠠᠭᠤᠨ ᠤ ᠡᠬᠢ ᠪᠠᠷ ᠴᠣᠷᠣᠰ ᠤᠨ ᠲᠣᠭᠠᠨ ᠲᠠᠶᠢᠱᠢ ᠬᠦᠴᠦᠷᠬᠡᠭᠵᠢᠭᠡᠳ᠂ ᠦᠵᠢᠶᠡᠳ ᠢᠶᠠᠷ ᠭᠤᠣᠯᠯᠠᠭᠤᠯᠤᠭᠰᠠᠨ ᠡᠮᠦᠨᠡᠲᠦ | ᠬᠡᠰᠡᠭ ᠬᠤᠷᠴᠢᠨ ᠢ ᠤᠤᠯᠭᠠᠯᠠᠨ ᠠᠪᠠᠴᠢᠭᠠᠳ᠂ ᠲᠡᠳᠡᠨ ᠤ ᠲᠦᠷᠦᠭᠦᠦ ᠦᠷᠦᠭᠲᠡᠮᠦᠷ ᠲᠤ ᠥᠬᠢᠨ ᠢᠶᠠᠨ ᠥᠭᠴᠦ᠂ ᠤᠷᠤᠭ ᠰᠠᠭᠤᠪᠠ᠃ ᠦᠷᠦᠭᠲᠡᠮᠦᠷ ᠤᠨ | ᠬᠤᠶᠢᠴᠢᠰ ᠬᠦᠤᠱᠢ ᠬᠠᠭᠠᠨ ᠲᠦᠷᠦᠪᠠᠷᠢᠬᠤ 1636 ᠣᠨ ᠳᠤ ᠬᠥᠬᠡᠨᠠᠭᠤᠷ ᠲᠤ ᠴᠡᠷᠢᠭ ᠣᠷᠣᠭᠰᠠᠨ ᠶᠤᠮ᠃ ᠴᠣᠷᠣᠰ ᠣᠪᠣᠭᠲᠤ ᠬᠤᠤᠬᠠᠢ ᠲᠠᠶᠤ ᠶᠢᠨ | ᠬᠥᠪᠡᠭᠦᠨ ᠪᠠᠲᠤᠯᠠ ᠴᠢᠩᠰᠠᠩ᠂ ᠬᠦᠦ ᠨᠢ ᠲᠣᠭᠠᠨ ᠲᠠᠶᠢᠱᠢ᠂ ᠥᠪᠡᠷ ᠤᠨ ᠴᠣᠷᠣᠰ ᠣᠪᠣᠭ ᠢ ︽ᠥᠭᠡᠯᠡᠳ︾ ᠭᠡᠵᠦ ᠬᠠᠯᠠᠵᠠᠢ᠃ ᠲᠡᠭᠦᠨ ᠤ ᠬᠦᠦ ᠡᠰᠡᠨ᠂ 1449 | ᠣᠨ ᠳᠤ ︽ᠲᠦ᠋ ᠮᠦ ᠪᠤᠤ ᠶᠢᠨ ᠬᠡᠷᠡᠭ ᠬᠤᠪᠢᠰᠤᠯ︾ ᠳᠤ᠂ 2 ᠲᠦᠮᠡᠨ ᠮᠣᠷᠢᠲᠤ ᠳᠠᠶᠢᠴᠢᠳ ᠢᠶᠠᠷ ᠮᠢᠩ ᠲᠥᠷᠥ ᠶᠢᠨ 50 ᠲᠦᠮᠡᠨ ᠴᠡᠷᠢᠭ ᠢ ᠡᠪᠳᠡᠵᠦ᠂ ᠮᠢᠩ | ᠶᠢᠩᠽᠥᠩ ᠵᠦ ᠴᠢ ᠵᠧᠨ ᠢ ᠣᠯᠵᠠᠯᠠᠵᠤ᠂ ᠮᠢᠩ ᠲᠥᠷᠥ ᠪᠣᠯᠣᠨ ᠤᠮᠠᠷᠠᠲᠤ ᠶᠤᠸᠠᠨ ᠤ ᠲᠡᠦᠬᠡᠲᠦ ᠬᠠᠷᠢᠴᠠᠭᠠᠨ ᠳᠤ ᠦᠨᠳᠦᠰᠦᠨ ᠡᠷᠭᠢᠯᠲᠡ ᠭᠠᠷᠭᠠᠪᠠ᠃ ᠲᠡᠭᠦᠨ ᠤ | ᠬᠤᠶᠢᠴᠢᠰ ︽ᠳᠥᠷᠪᠡᠳ︾ ︽ᠵᠦᠩᠭᠠᠷ︾ ᠪᠣᠯᠪᠠ᠃ ᠭᠠᠯᠳᠠᠨ ᠪᠣᠱᠣᠭᠲᠤ ᠬᠠᠭᠠᠨ ᠵᠦᠩᠭᠠᠷ ᠬᠠᠭᠠᠨᠲᠤ ᠤᠯᠤᠰ ᠢ ᠪᠠᠶᠢᠭᠤᠯᠵᠠᠢ᠃ ᠣᠶᠢᠷᠠᠳ ᠠᠶᠢᠮᠠᠭ | ᠣᠳᠣᠬᠠᠨ ᠳᠠᠭᠠᠨ ᠰᠢᠨᠵᠢᠶᠠᠩ᠂ ᠬᠥᠬᠡᠨᠠᠭᠤᠷ᠂ ᠭᠠᠨᠰᠤ᠂ ᠥᠪᠥᠷ ᠮᠣᠩᠭᠤᠯ ᠵᠡᠷᠭᠡ ᠭᠠᠵᠠᠷ ᠲᠤ ᠲᠠᠷᠬᠠᠨ ᠠᠮᠢᠳᠤᠷᠠᠵᠤ ᠪᠠᠶᠢᠭ᠎ᠠ ᠶᠤᠮ᠃ | | | | |