ᠮᠣᠩᠭᠤᠯ ᠤᠨ ᠡᠯ᠎ᠡ ᠠᠶᠢᠮᠠᠭ ᠤᠨ ᠢᠷᠡᠯ ᠭᠠᠷᠤᠯ ᠤᠨ ᠲᠤᠬᠠᠢ ︵ᠠᠷᠪᠠᠨ ᠭᠤᠷᠪᠠ︶
ᠨᠡᠶᠢᠲᠡᠯᠡᠭᠰᠡᠨ ᠴᠠᠭ᠄
2024/12/16
       ᠠᠷᠪᠠᠨ ᠭᠤᠷᠪᠠ᠂ ᠬᠠᠯᠬ᠎ᠠ᠄ ᠬᠠᠯᠬ᠎ᠠ ᠠᠯᠢ ᠡᠷᠲᠡᠨ ᠠᠴᠠ ᠬᠠᠯᠬ᠎ᠠ ᠭᠤᠣᠯ ᠤᠨ ᠤᠷᠤᠰᠬᠠᠯ ᠳᠠᠭᠠᠤ ᠮᠠᠯᠵᠢᠨ ᠠᠮᠢᠳᠤᠷᠠᠵᠤ ᠪᠠᠶᠢᠭᠰᠠᠨ ᠢᠶᠠᠷ ᠨᠢ ᠬᠠᠯᠬ᠎ᠠ  ᠭᠡᠰᠡᠨ ᠨᠡᠷᠡᠶᠢᠳᠦᠯ ᠲᠠᠢ ᠪᠣᠯᠵᠠᠢ᠃ ᠬᠠᠯᠬ᠎ᠠ ᠳᠤ ᠠᠷᠤ ᠲᠤᠯᠤᠭᠠᠨ ᠤᠳᠤᠭ ᠪᠠ ᠥᠪᠥᠷ ᠲᠠᠪᠤᠨ ᠤᠳᠤᠭ ᠭᠡᠵᠦ ᠠᠷᠪᠠᠨ ᠬᠤᠶᠠᠷ ᠤᠳᠤᠭ ᠲᠠᠢ᠃ ᠵᠠᠯᠠᠶᠢᠷ᠂  ᠪᠡᠰᠦᠳ᠂ ᠡᠯᠵᠢᠬᠢᠨ᠂ ᠭᠤᠷᠯᠣᠰ᠂ ᠬᠦᠬᠡᠶᠢᠳ᠂ ᠬᠠᠲᠠᠭᠢᠨ᠂ ᠣᠷᠢᠶᠠᠩᠬᠠᠨ ᠭᠡᠵᠦ ᠠᠷᠤ ᠲᠤᠯᠤᠭᠠᠨ ᠤᠳᠤᠭ ᠬᠠᠯᠬ᠎ᠠ ᠪᠠᠶᠢᠭᠰᠠᠨ ᠠᠴᠠ ᠰᠡᠭᠦᠯᠡᠷ ᠨᠢ ᠲᠠᠩᠭᠤᠳ᠂  ᠰᠠᠷᠲᠠᠭᠤᠯ᠂ ᠭᠡᠷᠡᠭᠦᠳ ᠵᠡᠷᠭᠡ ᠰᠢᠨ᠎ᠡ ᠤᠳᠤᠭ ᠤᠳ ᠭᠠᠷᠤᠭᠠᠳ ᠠᠷᠪᠠᠨ ᠭᠤᠷᠪᠠᠨ ᠤᠳᠤᠭ ᠪᠣᠯᠪᠠ᠃ ᠥᠪᠥᠷ ᠲᠠᠪᠤᠨ ᠤᠳᠤᠭ ᠭᠡᠵᠦ ᠵᠠᠷᠤᠳ᠂ ᠪᠠᠭᠠᠷᠢᠨ᠂  ᠬᠤᠩᠭᠢᠷᠠᠳ᠂ ᠪᠠᠶᠠᠭᠤᠳ᠂ ᠦᠵᠢᠶᠡᠳ ᠢ ᠵᠢᠭᠠᠵᠤ ᠪᠤᠢ᠃ ᠬᠠᠯᠬ᠎ᠠ ᠭᠤᠣᠯ ᠤᠨ ᠵᠡᠭᠦᠨ ᠬᠦᠪᠡᠭᠡ ᠪᠠᠷ ᠨᠤᠲᠤᠭᠯᠠᠵᠤ ᠪᠠᠶᠢᠭᠰᠠᠨ ᠥᠪᠥᠷ ᠲᠠᠪᠤᠨ ᠬᠠᠯᠬ᠎ᠠ ᠪᠣᠯ  ᠳᠠᠶᠠᠨ ᠬᠠᠭᠠᠨ ᠤ ᠵᠢᠷᠭᠤᠳᠤᠭᠠᠷ ᠬᠥᠪᠡᠭᠦᠨ ᠠᠯᠴᠤᠪᠤᠯᠤᠳ ᠤᠨ ᠬᠠᠷᠢᠶᠠᠲᠤ ᠪᠣᠯᠣᠨ᠎ᠠ᠃ 1547 ᠣᠨ ᠠᠴᠠ ᠬᠤᠶᠢᠰᠢ᠂ ᠳᠠᠷᠠᠶᠢᠰᠤᠨ ᠭᠦᠳᠡᠨ ᠬᠠᠭᠠᠨ ᠪᠠᠷᠠᠭᠤᠨ  ᠭᠤᠷᠪᠠᠨ ᠲᠦᠮᠡᠨ ᠤ ᠰᠦᠷ ᠬᠦᠴᠦᠨ ᠠᠴᠠ ᠵᠠᠶᠢᠯᠠᠵᠤ᠂ ᠴᠠᠬᠠᠷ ᠲᠦᠮᠡᠨ ᠢᠶᠠᠨ ᠠᠪᠴᠤ᠂ ᠵᠡᠭᠦᠨᠰᠢ ᠨᠡᠭᠦᠳᠡᠯᠯᠡᠨ ᠰᠢᠷᠠᠮᠥ᠋ᠷᠡᠨ ᠤ ᠰᠠᠪᠠ ᠭᠠᠵᠠᠷ ᠲᠤ ᠪᠠᠶᠢᠭᠰᠠᠨ  ᠤᠷᠢᠶᠠᠩᠬᠠᠢ ᠵᠡᠷᠭᠡ ᠭᠤᠷᠪᠠᠨ ᠤᠢ ᠳᠤ ᠶᠡᠬᠡᠬᠡᠨ ᠴᠣᠬᠢᠯᠲᠠ ᠥᠭᠭᠦᠭᠰᠡᠨ ᠲᠤᠬᠢᠶᠠᠯ ᠢ ᠵᠠᠪᠰᠢᠵᠤ᠂ ᠠᠯᠴᠤᠪᠤᠯᠤᠳ ᠤᠨ ᠬᠥᠪᠡᠭᠦᠨ ᠬᠤᠷᠬᠠᠢ ᠬᠠᠰᠠᠷ ᠲᠠᠪᠤᠨ ᠤᠳᠤᠭ  ᠬᠠᠯᠬ᠎ᠠ ᠪᠠᠨ ᠳᠠᠭᠠᠭᠤᠯᠤᠨ ᠡᠮᠦᠨᠡᠰᠢᠯᠡᠵᠦ᠂ ᠤᠩᠯᠢᠭᠤᠳ ᠤᠢ ᠪᠠ ᠦᠵᠢᠶᠡᠳ ᠤᠢ ᠶᠢᠨ ᠬᠠᠭᠤᠴᠢᠨ ᠨᠤᠲᠤᠭ ᠢ ᠪᠤᠯᠢᠶᠠᠵᠤ ᠡᠵᠡᠯᠡᠭᠡᠳ ᠮᠢᠩ ᠤᠯᠤᠰ ᠤᠨ  ᠺᠠᠶᠢᠶᠤᠸᠠᠨ᠂ ᠲᠢᠶᠧ ᠯᠢᠩ᠂ ᠮᠦᠭᠳᠡᠨ᠂ ᠯᠢᠶᠤᠤᠨᠢᠩ᠂ ᠭᠤᠸᠠᠩᠨᠢᠩ ᠤᠨ ᠬᠢᠵᠠᠭᠠᠷ ᠤᠨ ᠭᠠᠳᠠᠭᠤᠷ ᠨᠤᠲᠤᠭᠯᠠᠭᠠᠳ ᠥᠪᠥᠷ ᠮᠣᠩᠭᠤᠯ ᠤᠨ ᠵᠡᠭᠦᠨ ᠬᠡᠰᠡᠭ ᠤᠨ  ᠤᠯᠤᠰ ᠲᠦᠷᠤ ᠶᠢᠨ ᠪᠦᠯᠦᠭ ᠲᠤ ᠪᠠᠭᠲᠠᠬᠤ ᠪᠣᠯᠪᠠ᠃ ᠬᠠᠯᠬ᠎ᠠ ᠭᠤᠣᠯ ᠤᠨ ᠪᠠᠷᠠᠭᠤᠨ ᠬᠦᠪᠡᠭᠡ ᠪᠠ ᠬᠡᠷᠦᠯᠦᠨ ᠮᠥᠷᠡᠨ ᠤ ᠬᠦᠪᠡᠭᠡ ᠪᠠᠷ ᠨᠡᠭᠦᠳᠡᠯᠯᠡᠨ ᠮᠠᠯᠵᠢᠵᠤ  ᠪᠠᠶᠢᠭᠰᠠᠨ ᠨᠦᠭᠦᠭᠡ ᠲᠤᠯᠤᠭᠠᠨ ᠤᠳᠤᠭ ᠬᠠᠯᠬ᠎ᠠ ᠨᠢ ᠠᠭᠠᠵᠢᠮ ᠢᠶᠠᠷ ᠪᠠᠷᠠᠭᠤᠨᠰᠢᠯᠠᠵᠤ ᠭᠤᠪᠢ ᠶᠢᠨ ᠠᠷᠤ ᠶᠢ ᠡᠵᠡᠯᠡᠵᠦ ᠬᠤᠵᠢᠮ ᠤᠨ ᠠᠷᠤ ᠮᠣᠩᠭᠤᠯ ᠪᠣᠯᠪᠠ᠃  ᠳᠠᠶᠠᠨ ᠬᠠᠭᠠᠨ ᠤ ᠤᠳᠬᠤᠨ ᠬᠥᠪᠡᠭᠦᠨ ᠭᠡᠷᠰᠡᠨᠵᠠ ᠵᠠᠯᠠᠶᠢᠷ ᠬᠤᠩ ᠲᠠᠶᠢᠵᠢ ᠠᠷᠤ ᠲᠤᠯᠤᠭᠠᠨ ᠤᠳᠤᠭ ᠬᠠᠯᠬ᠎ᠠ ᠳᠡᠭᠡᠷ᠎ᠡ ᠰᠠᠭᠤᠵᠠᠢ᠃ ᠮᠢᠩ ᠲᠦᠷᠣ ᠶᠢᠨ  ᠰᠡᠭᠦᠯᠴᠢ ᠶᠢᠨ ᠦᠶ᠎ᠡ ᠬᠦᠷᠦᠭᠡᠳ ᠲᠦᠰᠢᠶᠡᠲᠦ ᠬᠠᠨ᠂ ᠵᠠᠰᠠᠭᠲᠤ ᠬᠠᠨ᠂ ᠰᠡᠴᠡᠨ ᠬᠠᠨ ᠵᠡᠷᠭᠡ ᠬᠠᠯᠬ᠎ᠠ ᠶᠢᠨ ᠬᠦᠴᠦᠷᠬᠡᠭ ᠶᠡᠭᠡ ᠭᠤᠷᠪᠠᠨ ᠬᠠᠨ ᠠᠶᠢᠮᠠᠭ ᠮᠠᠨᠳᠤᠵᠤ  ᠨᠡᠯᠢᠶᠡᠳ ᠶᠡᠭᠡ ᠲᠤᠰᠠᠭᠠᠷ ᠴᠢᠨᠠᠷ ᠲᠠᠢ ᠪᠣᠯᠪᠠ᠃                
ᠢᠷᠡᠯᠲᠡ᠄ ᠬᠠᠭᠤᠴᠢᠨ ᠪᠠᠷᠭᠤ ᠬᠤᠰᠢᠭᠤᠨ ᠤ ᠠᠷᠠᠳ ᠤᠨ ᠵᠠᠰᠠᠭ ᠤᠨ ᠣᠷᠳᠣᠨ