ᠮᠣᠩᠭᠤᠯ ᠭᠡᠷ ᠤᠨ ᠡᠯ᠎ᠡ ᠬᠡᠰᠡᠭ ᠲᠤ ᠬᠤᠯᠪᠣᠭᠳᠠᠬᠤ ᠵᠠᠩ ᠦᠢᠯᠡ
ᠨᠡᠶᠢᠲᠡᠯᠡᠭᠰᠡᠨ ᠴᠠᠭ᠄
2024/12/16
       ᠡᠭᠦᠨ ᠳᠤ ᠭᠡᠷ ᠲᠤ ᠬᠤᠯᠪᠣᠭᠳᠠᠬᠤ ᠵᠠᠩ ᠦᠢᠯᠡ᠂ ᠲᠣᠭᠤᠨᠣ ᠴᠢᠭᠳᠠᠭ᠎ᠠ ᠳᠤ ᠬᠤᠯᠪᠣᠭᠳᠠᠬᠤ ᠵᠠᠩ ᠦᠢᠯᠡ᠂ ᠤᠨᠢ ᠳᠤ ᠬᠤᠯᠪᠣᠭᠳᠠᠬᠤ ᠵᠠᠩ ᠦᠢᠯᠡ᠂  ᠬᠠᠨ᠎ᠠ ᠳᠤ ᠬᠤᠯᠪᠣᠭᠳᠠᠬᠤ ᠵᠠᠩ ᠦᠢᠯᠡ᠂ ᠡᠭᠦᠳᠡᠨ ᠳᠤ ᠬᠤᠯᠪᠣᠭᠳᠠᠬᠤ ᠵᠠᠩ ᠦᠢᠯᠡ᠂ ᠪᠠᠭᠤᠷᠢ ᠪᠠᠭᠤᠴᠠ‌ ᠳᠤ ᠬᠤᠯᠪᠣᠭᠳᠠᠬᠤ ᠵᠠᠩ ᠦᠢᠯᠡ ᠭᠡᠬᠦ ᠮᠡᠲᠦ ᠤᠯᠠᠨ  ᠵᠦᠢᠯ ᠪᠠᠶᠢᠳᠠᠭ᠃                 ᠨᠢᠭᠡ᠂  ᠮᠣᠩᠭᠤᠯ ᠭᠡᠷ ᠲᠤ ᠬᠤᠯᠪᠣᠭᠳᠠᠬᠤ ᠵᠠᠩ ᠦᠢᠯᠡ                ᠰᠢᠨ᠎ᠡ ᠪᠡᠷᠢ ᠶᠢᠨ ᠭᠡᠷ ᠲᠤ ᠣᠷᠣᠵᠤ ᠭᠡᠷ ᠠᠴᠠ ᠭᠠᠷᠬᠤ ᠨᠠᠷᠢᠨ ᠵᠢᠷᠤᠮ ᠭᠤᠷᠢᠮ᠂ ᠭᠡᠷ ᠮᠢᠯᠢᠶᠠᠨ ᠰᠠᠴᠤᠯᠢ ᠡᠷᠭᠦᠬᠦ ᠵᠠᠩᠰᠢᠯ ᠶᠣᠰᠣᠨ᠂ ᠤᠩᠭᠤ ᠳᠦᠷᠰᠦ᠂  ᠵᠢᠷᠤᠭ ᠰᠡᠶᠢᠯᠦᠮᠡᠯ ᠢ ᠭᠡᠷ ᠲᠤ ᠪᠠᠨ ᠡᠯᠭᠦᠬᠦ ᠵᠠᠩᠰᠢᠯ ᠵᠡᠷᠭᠡ ᠤᠯᠠᠨ ᠠᠭᠤᠯᠭ᠎ᠠ ᠪᠠᠭᠲᠠᠳᠠᠭ᠃ ᠪᠡᠷᠢ ᠮᠥᠷᠭᠦᠭᠡᠳ ᠬᠠᠳᠠᠮ ᠡᠴᠢᠭᠡ ᠶᠢᠨ ᠭᠡᠷ ᠢ ᠨᠠᠷᠠ ᠵᠥᠪ  ᠲᠣᠭᠤᠷᠢᠨ ᠥᠪᠡᠷ ᠤᠨ ᠭᠡᠷ ᠲᠤ ᠪᠠᠨ ᠣᠷᠣᠬᠤ ᠪᠠ ᠮᠥᠷᠭᠦᠭᠰᠡᠨ ᠭᠤᠯᠣᠮᠲᠠ ᠶᠢᠨ ᠭᠠᠯ ᠢ ᠭᠤᠷᠪᠠᠨ ᠥᠷᠯᠥᠭᠡ ᠲᠦᠯᠡᠬᠦ ᠶᠣᠰᠣᠲᠠᠢ᠃ ᠪᠡᠷᠢ ᠬᠥᠮᠥᠨ ᠬᠠᠳᠠᠮ  ᠡᠴᠢᠭᠡ ᠶᠢᠨ ᠴᠢᠭᠳᠠᠭ᠎ᠠ ᠠᠴᠠ ᠬᠡᠲᠦᠷᠡᠬᠦ᠂ ᠲᠣᠯᠣᠭᠠᠢ ᠶᠢᠨ ᠠᠯᠴᠢᠭᠤᠷ᠂ ᠳᠡᠪᠡᠯ ᠤᠤᠵᠢ ᠦᠭᠡᠢ ᠪᠠᠷ ᠬᠠᠳᠠᠮ ᠳᠤ ᠦᠵᠡᠭᠳᠡᠬᠦ ᠶᠣᠰᠣ ᠦᠭᠡᠢ᠃ ᠵᠠᠷᠢᠮ ᠭᠠᠵᠠᠷ ᠲᠤ  ᠰᠢᠨ᠎ᠡ ᠪᠡᠷᠢ ᠶᠢ ᠭᠤᠷᠪᠠ ᠬᠤᠨᠤᠭ ᠤᠨ ᠲᠤᠷᠰᠢ ᠬᠥᠰᠢᠭᠡᠨ ᠤ ᠴᠠᠭᠠᠨ᠎ᠠ ᠣᠷᠣᠭᠤᠯᠵᠤ ᠡᠷᠦᠬᠡ ᠶᠢ ᠨᠢ ᠴᠦ ᠲᠠᠲᠠᠭᠤᠯᠬᠤ ᠦᠭᠡᠢ᠂ ᠢᠳᠡᠭᠡ ᠴᠠᠢ ᠴᠦ ᠬᠢᠯᠭᠡᠬᠦ ᠦᠭᠡᠢ  ᠰᠠᠭᠤᠯᠭᠠᠳᠠᠭ ᠶᠣᠰᠣ ᠪᠤᠢ᠃ ᠰᠢᠨ᠎ᠡ ᠪᠡᠷᠢ ᠶᠢᠨ ᠬᠥᠰᠢᠭᠡ ᠲᠠᠶᠢᠯᠬᠤ ᠶᠣᠰᠣᠯᠠᠯ ᠪᠤᠯᠬᠤ ᠳᠤ ᠣᠶᠢᠷ᠎ᠠ ᠬᠠᠪᠢ ᠶᠢᠨ ᠬᠢᠨ ᠪᠠ ᠰᠠᠳᠤᠨ ᠲᠦᠷᠦᠯ ᠤᠨ ᠬᠥᠮᠥᠰ ᠢ  ᠤᠷᠢᠵᠤ ᠰᠢᠨ᠎ᠡ ᠭᠡᠷ ᠤᠨ ᠴᠠᠢ ᠤᠤᠭᠤᠯᠭᠠᠨ᠎ᠠ᠃ ᠬᠥᠰᠢᠭᠡ ᠲᠠᠶᠢᠯᠬᠤ ᠶᠣᠰᠣᠨ ᠤ ᠭᠤᠣᠯ ᠠᠭᠤᠯᠭ᠎ᠠ ᠪᠣᠯ ᠪᠡᠷᠢ ᠶᠢ ᠢᠯᠡ ᠭᠠᠷᠭᠠᠵᠤ ᠦᠭᠡᠭ ᠤᠨ ᠠᠮᠠ ᠨᠡᠭᠡᠭᠡᠵᠦ  ᠪᠡᠯᠭᠡ ᠬᠡᠯᠡᠭᠳᠡᠬᠦ ᠤᠴᠢᠷ ᠲᠠᠢ ᠶᠤᠮ᠃ ᠬᠠᠳᠠᠮ ᠡᠴᠢᠭᠡ ᠪᠡᠷᠢ ᠳᠤ ᠪᠠᠨ ᠬᠠᠨᠳᠤᠵᠤ︽ᠬᠥᠯ ᠨᠢᠴᠦᠭᠦᠨ ᠬᠥᠯᠪᠡᠷᠢᠵᠦ᠂ ᠲᠣᠯᠣᠭᠠᠢ ᠨᠢᠴᠦᠭᠦᠨ ᠲᠣᠭᠯᠠᠵᠤ︾  ᠶᠠᠪᠤᠬᠤ ᠶᠢ ᠪᠡᠯᠭᠡᠳᠡᠵᠦ︽ᠬᠥᠨᠳᠡᠢ︾︽ᠬᠦᠩᠬᠡᠢ︾ ᠭᠡᠵᠦ ᠭᠤᠷᠪᠠ ᠬᠡᠯᠡᠭᠦᠯᠦᠭᠡᠳ︽ᠬᠥᠨᠳᠡᠢ︾ ᠭᠡᠬᠦ ᠪᠠᠷ ᠫᠤᠤ ᠶᠢᠨ ᠰᠦᠮᠪᠦ ᠪᠠᠷ ᠬᠥᠰᠢᠭᠡ ᠶᠢ ᠳᠡᠭᠡᠭᠰᠢ  ᠡᠷᠭᠦᠵᠦ ᠲᠠᠯᠪᠢᠳᠠᠭ ᠶᠣᠰᠣ ᠲᠠᠢ ᠪᠠᠶᠢᠪᠠ᠃ ᠵᠤᠨ ᠤ ᠡᠬᠢᠨ ᠰᠠᠷ᠎ᠠ ᠳᠤ ᠲᠡᠭᠷᠢ ᠠᠩᠬ᠎ᠠ ᠳᠤᠤᠭᠠᠷᠬᠤ ᠳᠤ ᠥᠩ ᠲᠠᠢ ᠠᠶᠠᠲᠠᠢ ᠴᠠᠭ ᠡᠬᠢᠯᠡᠨ ᠭᠠᠷᠤᠯ᠎ᠠ ᠭᠡᠵᠦ  ᠭᠡᠷ ᠤᠨ ᠡᠵᠡᠭᠲᠡᠢ ᠭᠤᠶᠣᠯᠠᠯ ᠤᠨ ᠬᠤᠪᠴᠠᠰᠤ ᠪᠠᠨ ᠡᠮᠦᠰᠦᠨ ᠰᠠᠪᠠ ᠲᠠᠢ ᠲᠠᠷᠠᠭ ᠰᠦ ᠪᠠᠨ ᠠᠪᠴᠤ ᠭᠠᠷᠤᠭᠠᠳ ᠭᠡᠷ ᠢᠶᠠᠨ ᠨᠠᠷᠠ ᠵᠥᠪ ᠲᠣᠭᠤᠷᠢᠨ ᠲᠡᠭᠷᠢ ᠭᠠᠵᠠᠷ᠂  ᠳᠡᠯᠡᠬᠡᠢ ᠭᠡᠷ ᠣᠷᠣᠨ ᠢᠶᠠᠨ ᠮᠢᠯᠢᠶᠠᠨ ᠰᠠᠴᠤᠯᠢ ᠡᠷᠭᠦᠵᠦ︽ᠵᠤᠳ ᠢᠶᠠᠨ ᠴᠠᠭᠠᠰᠢ ᠨᠢ᠂ ᠵᠤᠨ ᠢᠶᠠᠨ ᠨᠠᠭᠠᠰᠢ ᠨᠢ︾ ᠭᠡᠵᠦ ᠰᠢᠪᠰᠢᠵᠦ ᠵᠠᠬᠢᠳᠠᠭ᠃ ᠮᠠᠯ ᠢᠶᠠᠨ  ᠴᠢᠨ᠋ᠸ᠎ᠠ ᠠᠴᠠ ᠬᠠᠮᠠᠭᠠᠯᠠᠬᠤ ᠡᠭᠦᠳᠡᠨ ᠠᠴᠠ ᠴᠢᠨ᠋ᠸ᠎ᠠ ᠶᠢᠨ ᠠᠮᠠ ᠶᠢ ᠲᠡᠪᠡᠭᠡᠳᠡᠵᠦ ᠬᠥᠯ ᠢ ᠨᠢ ᠭᠢᠨᠵᠢᠯᠡᠵᠦ ᠳᠠᠰᠬᠠᠭᠰᠠᠨ ᠵᠢᠷᠤᠭ ᠪᠦᠬᠦᠢ ᠳᠠᠷᠤᠮᠠᠯ ᠳᠠᠪᠤᠤ ᠪᠣᠯᠣᠨ  ᠵᠢᠷᠤᠭ ᠰᠡᠶᠢᠯᠦᠮᠡᠯ᠂ ᠮᠣᠳᠣᠨ ᠤᠩᠭᠤ ᠳᠦᠷᠰᠦ ᠶᠢ ᠭᠡᠷ ᠲᠤ ᠪᠠᠨ ᠡᠯᠭᠦᠬᠦ ᠵᠠᠩᠰᠢᠯ ᠲᠠᠢ᠃ ᠮᠠᠯ ( ᠪᠤᠲᠠ) ᠵᠠᠰᠠᠬᠤ ( ᠬᠥᠩᠭᠡᠯᠡᠬᠦ ) ᠦᠶ᠎ᠡ ᠳᠤ ᠬᠥᠯ ᠪᠣᠭᠤᠭᠰᠠᠨ  ᠬᠦᠯᠢᠭ ᠴᠢᠳᠦᠷ ᠵᠡᠷᠭᠡ ᠶᠢ ᠨᠢ ᠭᠡᠷ ᠳᠡᠭᠡᠭᠦᠷ ᠰᠤᠩᠭᠠᠵᠤ ᠬᠠᠶᠠᠳᠠᠭ ᠵᠠᠩᠰᠢᠯ ᠲᠠᠢ᠃                ᠬᠤᠶᠠᠷ᠂ ᠮᠣᠩᠭᠤᠯ ᠭᠡᠷ ᠤᠨ ᠲᠣᠭᠤᠨᠣ᠂  ᠪᠠᠭᠠᠨ᠎ᠠ᠂ ᠴᠢᠭᠳᠠᠭ᠎ᠠ ᠳᠤ ᠬᠤᠯᠪᠣᠭᠳᠠᠬᠤ ᠵᠠᠩ ᠦᠢᠯᠡ                ᠬᠠᠯᠬ᠎ᠠ ᠶᠢᠨ ᠭᠤᠪᠢ ᠨᠤᠲᠤᠭ ᠲᠤ ᠲᠥᠯ ᠮᠠᠯ ᠳᠤ ᠰᠠᠶᠢᠨ ᠬᠡᠮᠡᠨ ᠵᠠᠭ ᠤᠨ ᠵᠠᠩᠭᠢᠯᠠᠭ᠎ᠠ ( ᠦᠷ᠎ᠡ )᠎ ᠶᠢ ᠲᠣᠭᠤᠨᠣ ᠬᠠᠨ᠎ᠠ ᠠᠴᠠ ᠡᠯᠭᠦᠳᠡᠭ ᠵᠠᠩᠰᠢᠯ ᠲᠠᠢ᠃  ᠡᠯᠢᠶᠡᠨ ᠰᠡᠭᠦᠳᠡᠷ ᠲᠣᠭᠤᠨᠣ ᠪᠠᠷ ᠲᠤᠰᠪᠡᠯ ᠶᠡᠭᠡ ᠤᠯᠵᠠᠭᠤᠷᠬᠠᠳᠠᠭ᠃ ᠬᠤᠢ ᠰᠠᠯᠬᠢ ᠶᠢ ᠠᠮᠢᠳᠤᠴᠢᠯᠠᠬᠤ ᠲᠥᠰᠥᠭᠡᠯᠡᠬᠦ ᠡᠷᠲᠡᠨ ᠤ ᠰᠢᠲᠦᠯᠭᠡ ᠪᠢᠰᠢᠷᠡᠯ ᠤᠨ ᠤᠯᠠ  ᠮᠥᠷ ᠠᠮᠠᠨ ᠰᠢᠪᠰᠢᠯᠭᠡ ᠳᠤ ᠤᠯᠠᠮᠵᠢᠯᠠᠭᠳᠠᠭᠰᠠᠨ ᠪᠠᠶᠢᠳᠠᠭ ᠨᠢ ᠬᠤᠢ ᠰᠢᠷᠣᠢ ᠭᠡᠷ ᠪᠠᠷᠠᠭ᠎ᠠ ᠶᠢ ᠴᠢᠭᠯᠡᠨ ᠢᠷᠡᠬᠦ ᠳᠤ︽ᠬᠤᠶᠠᠷ ᠭᠡᠷ ᠤᠨ ᠬᠤᠭᠤᠷᠣᠨᠳᠤᠭᠤᠷ \  ᠭᠠᠭᠴᠠ ᠭᠡᠷ ᠤᠨ ᠭᠠᠳᠠᠭᠤᠷ \ ᠲᠤᠯᠤᠭᠠᠨ ᠠᠭᠤᠯᠠᠨ ᠤ ᠴᠠᠭᠠᠭᠤᠷ \ ᠳᠤᠪᠤ ᠰᠢᠷᠣᠢ ᠶᠢᠨ ᠳᠣᠣᠭᠤᠷ ᠵᠠᠶᠢᠯᠠ︾ ᠭᠡᠬᠦ ᠪᠤᠶᠤ ᠲᠣᠪᠴᠢ ᠪᠠᠷ︽ᠲᠦᠷᠭᠡᠨ ᠵᠠᠭᠤᠷ᠎ᠠ᠂  ᠲᠦᠢᠳ ᠦᠭᠡᠢ ᠭᠠᠳᠠᠭᠤᠷ︕ ᠭᠠᠳᠠᠭᠤᠷ︕︾ ᠭᠡᠵᠦ ᠰᠢᠪᠰᠢᠵᠦ ᠳᠠᠭᠤᠳᠠᠬᠤ ᠶᠣᠰᠣ ᠳᠡᠯᠭᠡᠷ ᠪᠤᠢ᠃ ᠢᠩᠭᠡ ᠪᠣᠲᠣᠭᠤᠯᠠᠬᠤ ᠳᠤ ᠪᠣᠲᠣᠭᠤᠨ ᠤ ᠬᠠᠯᠢᠰᠤ ᠶᠢ  ᠵᠠᠪᠠᠯ ᠭᠡᠷ ᠤᠨ ᠪᠠᠭᠠᠨ᠎ᠠ ᠪᠠᠷ ᠣᠷᠢᠶᠠᠵᠤ ᠵᠠᠶᠢᠯᠠᠭᠤᠯᠳᠠᠭ ᠶᠣᠰᠣᠨ ᠪᠤᠢ᠃ ᠬᠡᠦᠬᠡᠳ ᠤᠨ ᠠᠮᠠᠨ ᠤ ᠠᠯᠪᠠ ᠪᠠᠷᠢᠬᠤ ( ᠭᠡᠮᠲᠦᠬᠦ )᠎ ᠳᠤ ᠵᠠᠷᠢᠮ ᠨᠤᠲᠤᠭ ᠤᠨ ᠬᠢᠨ  ᠲᠡᠮᠦᠷ ᠤᠯᠠᠶᠢᠳᠬᠠᠵᠤ ᠪᠠᠭᠠᠨ᠎ᠠ ᠪᠠᠨ ᠴᠣᠷᠭᠢᠵᠤ ᠤᠲᠤᠭ᠎ᠠ ᠪᠠᠷ ᠨᠢ ᠬᠡᠦᠬᠡᠳ ᠤᠨ ᠠᠮᠠ ᠶᠢ ᠳᠣᠮᠨᠣᠬᠤ ᠶᠣᠰᠣ ᠪᠠᠶᠢᠳᠠᠭ᠃ ᠠᠳᠤᠭᠤ ᠦᠬᠡᠷ ᠢᠶᠠᠨ ᠭᠠᠳᠠᠭᠰᠢ  ᠬᠤᠳᠠᠯᠳᠤᠬᠤ ᠳᠤ ᠪᠠᠨ︽ᠮᠠᠯ ᠤᠨ ᠬᠡᠰᠢᠭ︾ ᠭᠡᠵᠦ ᠳᠡᠯ ᠰᠡᠭᠦᠯ ᠤᠨ ᠬᠢᠨᠢ ᠬᠢᠯᠭᠠᠰᠤ ᠶᠢ ᠠᠪᠴᠤ ᠮᠠᠯ ᠤᠨ ᠢᠶᠠᠨ ᠠᠮᠠ ᠬᠠᠮᠠᠷ ᠢ ᠵᠦᠯᠭᠦᠨ ᠠᠮᠢᠰᠬᠤᠯ ᠢ ᠨᠢ  ᠰᠢᠩᠭᠡᠬᠡᠨ ᠠᠪᠴᠤ ᠴᠢᠭᠲᠠᠭᠠᠨ ᠳᠤ ᠤᠶᠠᠵᠤ ᠲᠠᠯᠪᠢᠳᠠᠭ ᠵᠠᠩᠰᠢᠯ ᠲᠠᠢ ᠪᠠᠶᠢᠳᠠᠭ᠃                ᠭᠤᠷᠪᠠ᠂ ᠮᠣᠩᠭᠤᠯ ᠭᠡᠷ ᠤᠨ ᠤᠨᠢ ᠳᠤ ᠬᠤᠯᠪᠣᠭᠳᠠᠬᠤ ᠵᠠᠩ ᠦᠢᠯᠡ                 ᠬᠡᠦᠬᠡᠳ ᠤᠨ ᠴᠢᠬᠢ ᠡᠪᠡᠳᠬᠦ ᠳᠤ ᠨᠣᠶᠢᠲᠠᠨ ᠪᠤᠷᠭᠠᠰᠤ ᠶᠢ ᠨᠠᠨ‌ᠬᠡᠦᠬᠡᠳ ᠢᠶᠠᠷ ᠠᠯᠳᠠᠯᠠᠭᠤᠯᠵᠤ ᠬᠡᠮᠵᠢᠭᠡᠳ ᠤᠨᠢᠨ ᠳᠤ ᠬᠠᠪᠴᠢᠭᠤᠯᠳᠠᠭ᠃ ᠡᠭᠦᠨ ᠢ  ᠭᠤᠷᠪᠠᠨᠲᠠ ᠦᠢᠯᠡᠳᠪᠡᠯ ᠰᠠᠶᠢᠨ ᠭᠡᠵᠦ ᠦᠵᠡᠳᠡᠭ᠃ ᠪᠤᠭ ᠮᠠᠯ ᠤᠨ ᠪᠣᠭᠲᠣᠭᠤᠰᠤ ᠴᠢᠮᠦᠭᠡ ᠶᠢ ᠴᠢᠨᠠᠵᠤ ᠴᠡᠪᠡᠷᠬᠡᠨ ᠮᠥᠯᠵᠢᠵᠦ ᠢᠳᠡᠭᠡᠳ ᠨᠦᠬᠡᠨ ᠳᠤ ᠨᠢ ᠮᠣᠳᠣ  ᠬᠠᠪᠴᠢᠭᠤᠯᠤᠨ ᠪᠠᠷᠠᠭᠤᠨ ᠵᠡᠭᠦᠨ ᠬᠠᠲᠠᠪᠴᠢᠨ ᠤ ᠬᠠᠷᠠᠯᠳᠤᠭ᠎ᠠ ᠤᠨᠢ ᠳᠤ ᠬᠠᠪᠴᠢᠭᠤᠯᠳᠠᠭ ᠪᠠᠶᠢᠭᠰᠠᠨ ᠨᠢ ᠨᠠᠨ ᠴᠢᠮᠦᠭᠡ ᠶᠢᠨ ᠭᠠᠳᠠᠭᠠᠳᠤ ᠳᠦᠷᠰᠦ ᠪᠠᠷ ᠨᠢ︽  ᠫᠤᠤ︾ ᠳᠦᠷᠰᠦᠯᠡᠨ ᠠᠶᠢᠯ ᠳᠤ ᠮᠠᠭᠤ ᠶᠠᠭᠤᠮ᠎ᠠ ᠤᠷᠤᠭᠤᠯᠬᠤ ᠦᠭᠡᠢ ᠭᠡᠰᠡᠨ ᠰᠠᠨᠠᠭ᠎ᠠ᠃ ᠮᠥᠨ ᠡᠭᠦᠨ ᠲᠠᠢ ᠠᠳᠠᠯᠢ ᠪᠠᠷ︽ᠤᠷᠭ᠎ᠠ︾᠎ ᠪᠠᠷ ᠵᠦᠢᠷᠯᠡᠨ  ᠠᠳᠤᠭᠤᠨ ᠤ ᠮᠠᠨᠠᠭᠠᠴᠢ ᠪᠠᠷ ᠬᠠᠪᠴᠢᠭᠤᠯᠵᠤ ᠢᠷᠡᠭᠰᠡᠨ ᠨᠢ ᠮᠥᠨ ᠯᠠ ᠳᠦᠷᠰᠦ ᠶᠢᠨ ᠪᠡᠯᠭᠡᠳᠡᠯ ᠪᠤᠯᠬᠤ ᠶᠤᠮ᠃ ᠲᠣᠲᠣᠭᠤ ᠶᠢᠨ ᠤᠨᠢᠨ ᠳᠤ ᠬᠡᠳᠡᠷᠭᠡ᠂ ᠬᠢᠷᠦᠭᠡ᠂  ᠰᠦᠬᠡ ᠵᠡᠷᠭᠡ ᠢᠷ ᠲᠠᠢ ᠵᠦᠢᠯ ᠢ ᠬᠠᠪᠴᠢᠭᠤᠯᠳᠠᠭ ᠨᠢ ᠲᠡᠷᠡ ᠠᠶᠢᠯ ᠳᠤ ᠠᠯᠢᠪᠠ ᠮᠠᠭᠤ ᠵᠦᠢᠯ ᠤᠷᠤᠭᠤᠯᠬᠤ ᠦᠭᠡᠢ ᠭᠡᠰᠡᠨ ᠰᠠᠨᠠᠭ᠎ᠠ ᠶᠢ ᠢᠯᠡᠳᠬᠡᠳᠡᠭ᠃                ᠳᠥᠷᠪᠡ᠂ ᠮᠣᠩᠭᠤᠯ ᠭᠡᠷ ᠤᠨ ᠬᠠᠨ᠎ᠠ ᠳᠤ ᠬᠤᠯᠪᠣᠭᠳᠠᠬᠤ ᠵᠠᠩ ᠦᠢᠯᠡ               ᠲᠥᠯᠥᠭᠡ ᠢᠬᠡᠷᠡᠯᠡᠪᠡᠯ ᠮᠣᠩᠭᠤᠯ ᠭᠡᠷ ᠤᠨ ᠬᠠᠨ᠎ᠠ ᠶᠢᠨ ᠠᠮᠠ ᠶᠢ ᠲᠠᠶᠢᠯᠵᠤ ᠵᠠᠭᠠᠭ ᠵᠠᠢ ᠭᠠᠷᠭᠠᠭᠠᠳ ᠬᠤᠶᠠᠷ ᠮᠣᠳᠣ ᠦᠵᠦᠭᠦᠷᠯᠡᠨ ᠰᠢᠭᠠᠵᠤ᠂  ᠲᠡᠭᠦᠨ ᠳᠤ ᠪᠠᠨ ᠬᠠᠨ᠎ᠠ ᠶᠢᠨ ᠠᠮᠠ ᠶᠢ ᠪᠣᠭᠤᠳᠠᠭ᠃ ᠡᠰᠡᠪᠡᠯ ᠨᠢᠭᠡ ᠡᠳᠦᠷ ᠭᠤᠯᠣᠮᠲᠠ ᠪᠠᠨ ᠭᠤᠷᠪᠠ ᠳᠠᠬᠢᠨ ᠬᠥᠳᠡᠯᠭᠡᠵᠦ᠂ ᠤᠯᠠᠨ ᠳᠠᠬᠢᠨ ᠨᠡᠭᠦᠵᠦ ᠪᠠᠶᠢᠭ᠎ᠠ  ᠳᠦᠷᠢ ᠦᠵᠡᠭᠦᠯᠳᠡᠭ ᠨᠢ ᠮᠠᠯ ᠤᠷᠤᠭᠤᠯᠬᠤ ᠭᠡᠷ ᠢᠶᠠᠨ ᠲᠣᠮᠣ ᠪᠤᠯᠭᠠᠵᠤ ᠪᠠᠶᠢᠭ᠎ᠠ ᠳᠦᠷᠰᠦᠯᠡᠯ ᠶᠤᠮ᠃ ᠪᠢᠷᠠᠭᠤᠨ ᠭᠤᠨᠵᠢ ᠲᠤᠭᠤᠯᠯᠠᠬᠤ ᠶᠢ ᠶᠡᠬᠡᠬᠡᠨ  ᠪᠡᠯᠭᠡᠰᠢᠶᠡᠳᠡᠭ᠃ ᠬᠠᠯᠬ᠎ᠠ ᠶᠢᠨ ᠲᠥᠪ᠂ ᠪᠠᠷᠠᠭᠤᠨ ᠬᠡᠰᠡᠭ ᠲᠤ ᠨᠢᠭᠡ ᠠᠶᠢᠯ ᠳᠤ ᠭᠤᠷᠪᠠᠨ ᠪᠢᠷᠠᠭᠤᠨ ᠭᠤᠨᠵᠢ ᠲᠤᠭᠤᠯᠯᠠᠬᠤ ᠳᠤ︽ᠦᠷᠡᠰ ᠭᠠᠷᠭᠠᠳᠠᠭ︾  ᠭᠡᠷ ᠲᠤ ᠪᠠᠨ ᠳᠠᠪᠬᠤᠷ ᠦᠷᠭᠦᠭᠡ ᠬᠢᠬᠦ᠂ ᠭᠤᠨᠵᠢᠨ ᠳᠤ ᠪᠠᠨ ᠮᠢᠩᠭᠠᠴᠢ᠂ ᠲᠦᠮᠡᠨᠴᠢ ᠨᠡᠷ᠎ᠡ ᠥᠭᠬᠦ᠂ ᠭᠡᠷ ᠤᠨ ᠬᠠᠨ᠎ᠠ ᠶᠢ ᠲᠡᠯᠡᠬᠦ᠂ ᠬᠠᠨᠠᠨ ᠳᠤ ᠬᠢᠮᠡᠯ ᠲᠣᠯᠣᠭᠠᠢ  ᠨᠡᠮᠡᠬᠦ᠂ ᠭᠡᠷ ᠤᠨ ᠳᠣᠲᠣᠭᠤᠷ ᠪᠦᠰᠡ ᠶᠢ ᠪᠠᠷᠠᠭᠤᠨ ᠲᠡᠶᠢᠰᠢ︽ᠦᠬᠡᠷ ᠤᠯᠠᠨ ᠪᠣᠯᠤᠭ︾ ᠭᠡᠵᠦ ᠬᠡᠯᠡᠭᠡᠳ ᠰᠤᠯᠠᠳᠬᠠᠬᠤ᠂ ᠰᠢᠨ᠎ᠡ ᠬᠤᠪᠢᠩ᠂ ᠰᠢᠨ᠎ᠡ  ᠠᠭᠠᠷᠴᠠ ᠶᠢᠨ ᠤᠭᠤᠲᠠ ᠪᠡᠯᠡᠳᠬᠡᠬᠦ᠂ ᠰᠦ ᠶᠢ ᠨᠢ ᠲᠤᠰᠬᠠᠢ ᠰᠠᠪᠠᠨ ᠳᠤ ᠰᠠᠭᠠᠬᠤ᠂ ᠡᠬᠡᠨᠡᠷ ᠬᠥᠮᠥᠨ ᠭᠤᠶᠣᠯᠠᠯ ᠳᠤ ᠪᠠᠨ ᠨᠢᠭᠡ ᠵᠡᠭᠦᠯᠲᠡ ᠨᠡᠮᠡᠬᠦ ᠵᠡᠷᠭᠡ ᠵᠠᠩᠰᠢᠯ  ᠪᠠᠶᠢᠳᠠᠭ᠃ ᠮᠠᠯ ᠤᠨ ᠲᠥᠯ᠂ ᠬᠤᠷᠠᠭ᠎ᠠ ᠢᠰᠢᠭᠡᠨ ᠳᠤ ᠵᠠᠭ ᠰᠤᠬᠠᠢ ᠢᠪᠡᠭᠡᠯ ᠲᠠᠢ ᠭᠡᠵᠦ ᠬᠠᠨᠠᠨ ᠳᠤ ᠬᠠᠪᠴᠢᠭᠤᠯᠬᠤ ᠪᠤᠶᠤ ᠬᠥᠭᠡᠨ᠎ᠡ ᠳᠤ ᠵᠡᠭᠦᠯᠭᠡᠬᠦ ᠶᠣᠰᠣ  ᠨᠡᠯᠢᠶᠡᠳ ᠥᠷᠭᠡᠨ ᠳᠡᠯᠭᠡᠷ ᠪᠠᠶᠢᠵᠠᠢ᠃ ᠬᠥᠩᠭᠡᠵᠢᠬᠦ ᠡᠮᠡᠭᠲᠡᠢ ᠶᠢᠨ ᠨᠢᠷᠤᠭᠤ ᠪᠠᠷ ᠭᠤᠣᠯᠯᠠᠨ ᠡᠪᠡᠳᠴᠦ ᠪᠠᠶᠢᠪᠠᠯ ᠬᠦᠦ ᠭᠠᠷᠬᠤ ᠨᠢ ᠭᠡᠵᠦ ᠭᠡᠷ ᠤᠨ ᠪᠠᠷᠠᠭᠤᠨ  ᠬᠠᠲᠠᠪᠴᠢᠨ ᠳᠤ ᠪᠠᠶᠢᠷᠢ ᠪᠡᠯᠡᠳᠬᠡᠬᠦ᠂ ᠬᠡᠪᠡᠯᠢ ᠳᠠᠪᠤᠰᠠᠩ ᠢᠶᠠᠷ ᠨᠢ ᠡᠪᠡᠳᠪᠡᠯ ᠥᠬᠢᠨ ᠭᠠᠷᠬᠤ ᠨᠢ ᠭᠡᠵᠦ ᠵᠡᠭᠦᠨ‌ᠬᠠᠲᠠᠪᠴᠢᠨ ᠳᠤ ᠪᠠᠶᠢᠷᠢ ᠵᠠᠰᠠᠳᠠᠭ ᠪᠠᠶᠢᠵᠠᠢ᠃               ᠲᠠᠪᠤ᠂ ᠮᠣᠩᠭᠤᠯ ᠭᠡᠷ ᠤᠨ ᠡᠭᠦᠳᠡᠨ ᠳᠤ ᠬᠤᠯᠪᠣᠭᠳᠠᠬᠤ ᠵᠠᠩ ᠦᠢᠯᠡ                ᠬᠤᠲᠠᠨ ᠤ ᠮᠠᠯ ᠤᠷᠦ᠋ᠢᠲᠠᠵᠤ ᠬᠡᠭᠡᠷ᠎ᠡ ᠬᠤᠨᠣᠪᠠᠯ ᠬᠠᠶᠢᠴᠢ ᠶᠢᠨ ᠠᠮᠠᠨ ᠳᠤ ᠴᠢᠯᠠᠭᠤ ᠬᠠᠪᠴᠢᠭᠤᠯᠵᠤ ᠪᠣᠭᠤᠭᠠᠳ ᠵᠠᠪᠠᠭ ᠪᠤᠶᠤ ᠲᠣᠲᠣᠭᠤᠨ ᠳᠤ  ᠬᠠᠪᠴᠢᠭᠤᠯᠳᠠᠭ ᠵᠠᠩᠰᠢᠯ ᠲᠠᠢ᠃ ᠪᠣᠱᠤᠭ᠎ᠠ ᠵᠡᠭᠦᠨ ᠪᠠᠷᠠᠭᠤᠨ ᠬᠠᠲᠠᠪᠴᠢᠨ ᠳᠤ ᠮᠠᠭᠤ ᠶᠠᠭᠤᠮ᠎ᠠ ᠶᠢ ᠵᠠᠶᠢᠯᠠᠭᠤᠯᠤᠨ ᠳᠠᠷᠤᠭᠰᠠᠨ ᠤᠳᠬ᠎ᠠ ᠪᠠᠷ ᠬᠢᠮᠤᠰᠤ ᠶᠢ  ᠪᠣᠱᠣᠭᠠᠨ ᠤ ᠰᠢᠷᠣᠢ᠂ ᠡᠰᠡᠪᠡᠯ ᠦᠨᠡᠰᠦᠨ ᠳᠤ ᠪᠤᠯᠠᠳᠠᠭ ᠵᠠᠩᠰᠢᠯ ᠲᠠᠢ᠃ ᠦᠬᠦᠭᠰᠡᠨ ᠮᠠᠯ ᠤᠨ ᠨᠠᠷᠢᠨ ᠭᠡᠳᠡᠰᠦ ᠪᠠᠷ ᠲᠣᠲᠣᠭᠤ ᠶᠢᠨ ᠭᠤᠣᠯ ᠤᠨ ᠤᠨᠢ ᠶᠢ  ᠣᠷᠢᠶᠠᠵᠤ ᠲᠠᠯᠪᠢᠬᠤ ᠶᠢ ᠦᠬᠦᠯ ᠢ ᠲᠠᠰᠤᠯᠬᠤ ᠳᠣᠮ ᠭᠡᠳᠡᠭ᠃︽ᠴᠢᠨ᠋ᠸ᠎ᠠ  ᠤᠨ ᠠᠮᠠ ᠶᠢ ᠬᠠᠭᠠᠵᠤ ᠪᠠᠶᠢᠨ᠎ᠠ︾ ᠭᠡᠵᠦ ᠦᠢᠯᠡ ᠶᠢᠨ ᠬᠠᠶᠢᠴᠢᠨ ᠤ ᠠᠮᠠ ᠶᠢ  ᠨᠣᠣᠰᠣ ᠪᠠᠷ ᠣᠷᠢᠶᠠᠵᠤ ᠪᠠᠶᠢᠭᠠᠳ ᠪᠠᠷᠠᠭᠤᠨ ᠬᠠᠲᠠᠪᠴᠢᠨ ᠤ ᠬᠠᠨ᠎ᠠ ᠶᠢᠨ ᠲᠣᠯᠣᠭᠠᠢ ᠳᠤ ᠡᠯᠭᠦᠬᠦ᠂ ᠭᠠᠯ ᠤᠨ ᠬᠠᠶᠢᠴᠢᠨ ᠤ ᠠᠮᠠᠨ ᠳᠤ ᠴᠢᠯᠠᠭᠤ ᠵᠠᠭᠤᠯᠭᠠᠨ  ᠪᠣᠭᠤᠵᠤ ᠬᠤᠨᠣᠬᠤ ᠵᠠᠩᠰᠢᠯ ᠪᠠᠶᠢᠳᠠᠭ᠃ ᠬᠡᠭᠡᠷ᠎ᠡ ᠬᠤᠨᠣᠭᠰᠠᠨ ᠮᠠᠯ ᠢ ᠠᠷᠢᠶᠠᠲᠠᠨ ᠠᠮᠢᠲᠠᠨ ᠠᠴᠠ ᠬᠠᠮᠠᠭᠠᠯᠠᠬᠤ ᠵᠠᠩ ᠦᠢᠯᠡ ᠳᠤ ᠳᠤᠯᠤᠭᠠᠨ ᠬᠤᠷᠭᠤᠯ᠂  ᠳᠤᠯᠤᠭᠠᠨ  ᠵᠢᠵᠢᠭ ᠴᠤᠭ ᠨᠡᠭᠦᠷᠡᠰᠦ ᠠᠶᠠᠭᠠᠨ ᠳᠤ ᠬᠥᠮᠥᠷᠢᠵᠦ ᠭᠠᠯ ᠤᠨ ᠵᠠᠬ᠎ᠠ ᠳᠤ ᠲᠠᠯᠪᠢᠵᠤ ᠬᠤᠨᠣᠬᠤ᠂ ᠮᠠᠯ ᠪᠡᠯᠴᠢᠵᠦ ᠶᠠᠪᠤᠭᠰᠠᠨ ᠵᠦᠭ ᠠᠴᠠ ᠴᠢᠯᠠᠭᠤ  ᠠᠪᠴᠢᠷᠠᠵᠤ ᠲᠤᠯᠭᠠᠨ ᠤ ᠬᠠᠰᠠᠭ ᠳᠣᠣᠭᠤᠷ︽ᠮᠠᠨᠠ᠂ ᠮᠠᠨᠠ︾ ᠭᠡᠵᠦ ᠬᠡᠯᠡᠭᠡᠳ ᠦᠨᠡᠰᠦᠨ ᠳᠤ ᠬᠢᠬᠦ ᠪᠠ ᠦᠳᠡᠰᠢ ᠶᠢᠨ ᠪᠦᠷᠦᠢ ᠪᠠᠷ︽ᠮᠠᠯ ᠮᠠᠨᠠᠵᠤ ᠬᠤᠨᠣ︕ ︾ ᠭᠡᠵᠦ ᠰᠢᠪᠰᠢᠭᠡᠳ ᠭᠠᠯ ᠤᠨ ᠨᠤᠷᠮ᠎ᠠ ᠶᠢ ᠡᠭᠦᠳᠡ ᠪᠠᠷ ᠭᠠᠳᠠᠭᠰᠢ ᠬᠠᠶᠠᠬᠤ᠂ ᠮᠥᠨ ᠮᠣᠷᠢᠨ ᠤ ᠬᠠᠵᠠᠭᠠᠷ ᠢ ᠲᠣᠲᠣᠭᠤᠨ ᠤ ᠤᠨᠢᠨ ᠳᠤ ᠬᠥᠨᠳᠡᠯᠡᠨ  ᠬᠠᠪᠴᠢᠭᠤᠯᠵᠤ ᠤᠨᠲᠠᠬᠤ᠂ ᠴᠠᠪᠤᠭ ᠤᠨ ᠵᠥᠷᠢᠭᠰᠡᠨ ᠠᠮᠠᠨ ᠳᠤ ᠰᠢᠪᠦᠭᠡ ᠨᠡᠪᠲᠡ ᠬᠠᠳᠬᠤᠵᠤ ᠬᠤᠨᠣᠬᠤ᠂ ᠠᠳᠤᠭᠤ ᠮᠠᠨᠠᠵᠤ ᠬᠤᠨᠣᠳᠠᠭ ᠭᠡᠵᠦ ᠵᠠᠯᠠᠭ᠎ᠠ  ᠴᠢᠮᠦᠭᠡᠨ ᠳᠤ ᠨᠠᠷᠢᠨ ᠡᠪᠡᠰᠦ ᠬᠠᠳᠬᠤᠵᠤ ᠤᠨᠢᠨ ᠳᠤ ᠬᠠᠪᠴᠢᠭᠤᠯᠬᠤ ᠶᠢᠨ ᠵᠡᠷᠭᠡᠴᠡᠭᠡ ᠴᠠᠢ ᠶᠢᠨ ᠤᠭᠤᠷ ᠲᠤ ᠪᠠᠨ ᠶᠠᠮᠠᠷ ᠮᠠᠯ ᠬᠥᠳᠡᠭᠡ ᠬᠡᠭᠡᠷ᠎ᠡ ᠬᠤᠨᠣᠵᠤ ᠪᠠᠶᠢᠪᠠᠯ  ᠲᠡᠷᠡ ᠮᠠᠯ ᠤᠨ ᠬᠤᠷᠭᠤᠯ ᠠᠷᠭᠠᠯ ᠠᠴᠠ ᠬᠢᠵᠦ ᠪᠥᠭᠯᠡᠵᠦ ᠲᠠᠯᠪᠢᠬᠤ ᠵᠠᠩᠰᠢᠯ ᠶᠣᠰᠣᠨ ᠴᠤ ᠪᠠᠶᠢᠵᠠᠢ᠃                ᠵᠢᠷᠭᠤᠭ᠎ᠠ᠂ ᠮᠣᠩᠭᠤᠯ ᠭᠡᠷ ᠤᠨ ᠪᠠᠭᠤᠷᠢ ᠪᠠᠭᠤᠴᠠ ᠳᠤ ᠬᠤᠯᠪᠣᠭᠳᠠᠬᠤ ᠵᠠᠩ ᠦᠢᠯᠡ                ᠴᠡᠴᠡᠭ ᠡᠪᠡᠳᠴᠢᠨ ᠭᠠᠷᠬᠤ ᠳᠤ ᠤᠯᠠᠨ ᠨᠡᠭᠦᠵᠦ ᠪᠠᠶᠢᠭ᠎ᠠ ᠳᠦᠷᠢ ᠦᠵᠡᠭᠦᠯᠦᠨ ᠨᠢᠭᠡᠨ ᠤᠳᠠᠭ᠎ᠠ ᠨᠡᠭᠦᠬᠦ ᠵᠠᠮ ᠳᠤ ᠪᠠᠨ ᠠᠴᠢᠶ᠎ᠠ ᠬᠥᠰᠬᠡ ᠪᠠᠨ  ᠵᠣᠭᠰᠣᠭᠠᠵᠤ ᠭᠡᠷ ᠤᠨ ᠪᠠᠭᠤᠷᠢ ᠵᠢᠷᠤᠬᠤ᠂ ᠲᠤᠯᠭ᠎ᠠ ᠪᠠᠨ ᠲᠤᠯᠵᠤ ᠭᠠᠯ ᠬᠡᠩᠰᠢᠭᠦᠦ ᠲᠠᠯᠪᠢᠵᠤ ᠰᠠᠯᠬᠢᠨ ᠳᠣᠣᠭᠤᠷ ᠨᠢ ᠬᠤᠨᠢ ᠮᠠᠯ ᠢᠶᠠᠨ ᠲᠠᠭᠤᠵᠤ ᠥᠩᠭᠡᠷᠡᠭᠡᠬᠦ  ᠳᠣᠮ ᠦᠢᠯᠡᠳᠳᠡᠭ ᠵᠠᠩᠰᠢᠯ ᠪᠤᠢ᠃ ᠨᠤᠲᠤᠭ ᠪᠠᠭᠤᠴᠠ ᠳᠡᠭᠡᠷ᠎ᠡ ᠱᠠᠭᠠᠢ ᠲᠣᠬᠢᠶᠠᠯᠳᠤᠪᠠᠯ ᠭᠤᠲᠤᠯ ᠤᠨ ᠥᠯᠮᠡᠢ ᠪᠠᠷ ᠢᠰᠬᠦᠯᠵᠦ ᠮᠣᠷᠢ ᠠᠴᠠ ᠪᠠᠭᠤᠭᠰᠠᠨ  ᠲᠣᠬᠢᠶᠠᠯᠳᠤᠯ ᠳᠤ ᠠᠪᠴᠤ ᠪᠤᠯᠳᠠᠭ ᠵᠠᠩᠰᠢᠯ ᠲᠠᠢ ᠪᠠᠶᠢᠭᠰᠠᠨ ᠶᠤᠮ᠃      
ᠢᠷᠡᠯᠲᠡ᠄ ᠬᠠᠭᠤᠴᠢᠨ ᠪᠠᠷᠭᠤ ᠬᠤᠰᠢᠭᠤᠨ ᠤ ᠠᠷᠠᠳ ᠤᠨ ᠵᠠᠰᠠᠭ ᠤᠨ ᠣᠷᠳᠣᠨ