ᠮᠣᠩᠭᠤᠯᠴᠤᠳ ᠤᠨ ᠳᠤᠮᠳᠠ ᠲᠡᠷᠭᠡ ᠲᠠᠢ ᠬᠤᠯᠪᠣᠭᠳᠠᠭᠰᠠᠨ ᠡᠳᠦᠢ ᠲᠡᠳᠦᠢ ᠴᠡᠭᠡᠷ ᠪᠠᠶᠢᠳᠠᠭ᠃ ᠲᠤᠬᠠᠶᠢᠯᠠᠪᠠᠯ᠂ ᠲᠡᠷᠭᠡᠨ ᠤ ᠪᠤᠭᠤᠯᠠᠭ᠎ᠠ ᠪᠣᠷᠭᠤᠯᠵᠢ | ᠳᠡᠭᠡᠭᠦᠷ ᠠᠯᠬᠤᠨ ᠭᠠᠷᠬᠤ ᠪᠠ ᠲᠡᠭᠦᠨ ᠢ ᠠᠯᠠᠮᠯᠠᠨ ᠵᠤᠭᠰᠤᠬᠤ᠂ ᠲᠡᠷᠭᠡᠨ ᠤ ᠪᠤᠯᠤ ᠶᠢ ᠥᠷᠥᠭᠡᠰᠦᠨ ᠬᠥᠯ ᠢᠶᠠᠷ ᠢᠶᠠᠨ ᠳᠥᠷᠥᠭᠡᠯᠡᠨ ᠵᠤᠭᠰᠤᠬᠤ ᠶᠢ ᠴᠡᠭᠡᠷᠯᠡᠳᠡᠭ᠃ | ᠵᠢᠷᠮᠦᠰᠦᠨ ᠡᠮᠡᠭᠲᠡᠢ ᠬᠥᠮᠥᠨ ᠵᠦᠯᠡᠭᠡ ᠲᠦᠯᠡᠬᠦ ᠶᠢ ᠴᠡᠭᠡᠷᠯᠡᠳᠡᠭ᠃ ᠲᠡᠷᠭᠡ ᠶᠢ ᠭᠡᠷ ᠤᠨ ᠡᠭᠦᠳᠡᠨ ᠤ ᠡᠰᠡᠷᠭᠦ ᠬᠠᠨᠳᠤᠭᠤᠯᠵᠤ ᠪᠠᠭᠤᠯᠭᠠᠬᠤ ᠪᠠ ᠡᠭᠦᠳᠡᠨ ᠤ ᠡᠮᠦᠨ᠎ᠡ | ᠬᠥᠨᠳᠡᠯᠡᠨ ᠲᠠᠯᠪᠢᠬᠤ ᠶᠢ ᠴᠡᠭᠡᠷᠯᠡᠳᠡᠭ᠃ ᠠᠶᠠᠨ ᠤ ᠲᠡᠷᠭᠡ ᠪᠠᠷ ᠠᠶᠠᠨ ᠤ ᠪᠠᠭᠤᠳᠠᠯ ᠳᠠᠬᠢ ᠲᠤᠯᠭ᠎ᠠ ᠴᠢᠯᠠᠭᠤ ᠪᠠ ᠵᠤᠤᠬ᠎ᠠ ᠪᠠᠨ ᠳᠠᠭᠠᠷᠢᠭᠤᠯᠬᠤ ᠶᠢ ᠴᠡᠭᠡᠷᠯᠡᠳᠡᠭ᠃ | ᠠᠶᠠᠨ ᠤ ᠬᠥᠮᠥᠰ︽ᠤᠨᠤᠭ᠎ᠠ ᠭᠡᠮᠨᠡᠬᠦ︾᠂︽ᠲᠡᠷᠭᠡ ᠡᠪᠳᠡᠷᠡᠬᠦ︾᠂︽ᠠᠶᠠᠨ ᠰᠠᠭᠠᠭᠳᠠᠬᠤ︾ ᠭᠡᠬᠦ ᠮᠡᠲᠦ ᠪᠡᠯᠭᠡ ᠮᠠᠭᠤᠲᠠᠢ ᠦᠭᠡ ᠨᠦᠭᠦᠳ ᠢ ᠴᠡᠭᠡᠷᠯᠡᠵᠦ︽ ᠰᠢᠯᠲᠠᠭ | ᠪᠤᠯᠬᠤ︾᠂︽ᠲᠡᠷᠭᠡ ᠶᠠᠳᠠᠬᠤ︾᠂︽ᠤᠵᠢᠭᠳᠠᠬᠤ︾ ᠭᠡᠵᠦ ᠬᠡᠯᠡᠳᠡᠭ᠃ ᠵᠠᠷᠢᠮ ᠨᠤᠲᠤᠭ ᠲᠤ ᠪᠠᠰᠠ ᠲᠡᠷᠭᠡᠨ ᠤ ᠬᠦᠷᠳᠦᠨ ᠠᠴᠠ ᠤᠨᠤᠭ᠎ᠠ ᠮᠠᠯ ᠤᠶᠠᠬᠤ ᠪᠠ ᠲᠡᠷᠭᠡᠨ ᠤ | ᠠᠷᠠᠯ ᠬᠦᠷᠳᠦ ᠤᠷᠤᠭᠤ ᠰᠢᠭᠡᠬᠦ ᠶᠢ ᠴᠡᠭᠡᠷᠯᠡᠳᠡᠭ᠃ ᠲᠡᠷᠭᠡ ᠡᠳ᠋ᠯᠡᠵᠦ ᠬᠡᠷᠡᠭᠯᠡᠬᠦ ᠶᠠᠪᠤᠴᠠ ᠳᠤ ᠪᠠᠰᠠ ᠲᠡᠷᠭᠡ ᠲᠠᠢ ᠬᠤᠯᠪᠣᠭᠳᠠᠭᠰᠠᠨ ᠵᠠᠷᠢᠮ ᠵᠠᠩ ᠦᠢᠯᠡ ᠪᠤᠢ | ᠪᠣᠯᠵᠠᠢ᠃ ᠠᠶᠠᠨ ᠤ ᠲᠡᠷᠭᠡ ᠮᠣᠷᠳᠠᠬᠤ ᠳᠤ ᠪᠣᠯ ᠬᠦᠵᠢ᠂ ᠠᠷᠴᠠ ᠠᠰᠠᠭᠠᠵᠤ ᠠᠶᠠᠨ ᠤ ᠲᠡᠷᠭᠡ ᠪᠠᠨ ᠠᠷᠢᠭᠤᠯᠠᠬᠤ ᠪᠥᠭᠡᠳ ᠰᠠᠩ ᠲᠠᠯᠪᠢᠵᠤ ᠲᠡᠷᠭᠡ ᠪᠠᠨ | ᠡᠷᠭᠢᠭᠦᠯᠵᠦ ᠠᠷᠢᠭᠤᠯᠠᠳᠠᠭ ᠨᠢ ᠴᠦ ᠪᠤᠢ᠃ ᠠᠶᠠᠨ ᠤ ᠲᠡᠷᠭᠡ ᠬᠥᠲᠥᠯᠥᠨ ᠭᠠᠷᠬᠤ ᠳᠤ ᠭᠡᠷ ᠲᠤ ᠬᠤᠴᠤᠷᠠᠭᠰᠠᠳ ᠨᠢ ᠠᠷᠤ ᠬᠤᠶᠢᠨ᠎ᠠ ᠠᠴᠠ ᠨᠢ ᠰᠦ ᠪᠠᠨ ᠡᠷᠭᠦᠨ | ᠰᠠᠴᠤᠯᠢ ᠰᠠᠴᠤᠵᠤ ᠪᠡᠯᠭᠡᠲᠡᠢ ᠰᠠᠶᠢᠬᠠᠨ ᠢᠷᠦᠭᠡᠯ ᠬᠡᠯᠡᠳᠡᠭ᠃ ᠠᠶᠠᠨ ᠤ ᠲᠡᠷᠭᠡ ᠬᠥᠲᠥᠯᠥᠨ ᠶᠠᠪᠤᠭᠰᠠᠳ ᠨᠢ ᠥᠨᠳᠥᠷ ᠲᠣᠮᠣ ᠳᠠᠪᠠᠭᠠᠨ ᠤ ᠬᠥᠲᠥᠯ ᠳᠡᠭᠡᠷ᠎ᠡ | ᠪᠣᠰᠬᠠᠭᠰᠠᠨ ᠣᠪᠣᠭᠠᠨ ᠤ ᠲᠡᠷᠭᠡᠳᠡᠭᠦᠷ ᠥᠩᠭᠡᠷᠡᠪᠡᠯ ᠲᠡᠭᠦᠨ ᠤ ᠳᠡᠭᠡᠷ᠎ᠡ ᠵᠠᠪᠠᠯ ᠴᠢᠯᠠᠭᠤ ᠨᠡᠮᠡᠵᠦ ᠴᠠᠭᠠᠨ ᠢᠳᠡᠭᠡᠨ ᠢᠶᠠᠷ ᠢᠶᠠᠨ︽ᠴᠠᠭᠠᠨ ᠪᠠᠯᠢᠩ︾ ᠡᠷᠭᠦᠳᠡᠭ | ᠪᠥᠭᠡᠳ ᠶᠡᠭᠡ ᠰᠢᠭ ᠭᠤᠣᠯ ᠮᠥᠷᠡᠨ ᠢ ᠭᠠᠲᠤᠯᠬᠤ ᠳᠤ ᠴᠦ ᠤᠷᠢᠳ ᠢᠶᠠᠷ ᠲᠡᠷᠭᠡ ᠪᠠᠨ ᠵᠣᠭᠰᠣᠭᠠᠵᠤ ᠯᠤᠤᠰ ᠰᠠᠪᠳᠠᠭ ᠲᠤ ᠨᠢ ᠳᠡᠭᠡᠵᠢ ᠰᠡᠷᠵᠢᠮ ᠡᠷᠭᠦᠳᠡᠭ᠃ | ᠵᠢᠯ ᠴᠠᠭᠠᠨ ᠰᠠᠷ᠎ᠠ ᠪᠤᠯᠬᠤ ᠳᠤ ᠵᠠᠷᠢᠮ ᠨᠤᠲᠤᠭ ᠬᠢᠨ ᠪᠣᠯ ᠬᠠᠭᠤᠴᠢᠨ ᠵᠢᠯ ᠤᠨ ᠪᠢᠲᠡᠭᠦᠨ ᠳᠤ ᠲᠡᠷᠭᠡ ᠪᠠᠨ ᠡᠮᠬᠢ ᠴᠡᠭᠴᠡ ᠲᠠᠢ ᠨᠠᠶᠢᠷᠠᠵᠤ ᠲᠠᠯᠪᠢᠭᠠᠳ | ᠳᠡᠭᠡᠰᠦᠨ ᠡᠳ᠋ᠯᠡᠯ ᠵᠡᠷᠭᠡ ᠶᠢ ᠨᠢ ᠰᠠᠶᠢᠬᠠᠨ ᠡᠪᠬᠡᠵᠦ ᠣᠷᠢᠶᠠᠵᠤ ᠬᠤᠷᠢᠶᠠᠭᠰᠠᠨ ᠤ ᠳᠠᠷᠠᠭ᠎ᠠ ᠲᠡᠷᠭᠡ ᠪᠦᠷᠢ ᠶᠢᠨ ᠳᠡᠭᠡᠷ᠎ᠡ ᠨᠢᠭᠡ ᠬᠡᠰᠡᠭ ᠮᠥᠰᠥ ᠲᠠᠯᠪᠢᠵᠤ ᠲᠡᠷᠭᠡ ᠪᠠᠨ | ᠳᠠᠬᠢᠨ ᠠᠮᠠᠷᠠᠭᠤᠯᠳᠠᠭ᠃ ᠢᠩᠭᠢᠵᠦ ᠳᠡᠬᠢᠵᠦ ᠠᠮᠠᠷᠠᠭᠤᠯᠤᠭᠰᠠᠨ ᠲᠡᠷᠭᠡ ᠶᠢ ᠴᠠᠭᠠᠨ ᠰᠠᠷ᠎ᠠ ᠶᠢᠨ ᠰᠢᠨ᠎ᠡ ᠶᠢᠨ ᠵᠢᠷᠭᠤᠭᠠᠨ ᠪᠤᠶᠤ ᠨᠠᠢᠮᠠᠨ ᠬᠦᠷᠲᠡᠯ᠎ᠡ ( ᠵᠠᠷᠢᠮ ᠨᠢ | ᠪᠤᠷᠬᠠᠨ ᠲᠠᠪᠠᠯᠯᠠᠳᠡᠭ ᠠᠷᠪᠠᠨ ᠵᠢᠷᠭᠤᠭᠠᠨ ᠬᠦᠷᠲᠡᠯ᠎ᠡ ) ᠶᠡᠷᠦ ᠬᠥᠳᠡᠯᠭᠡᠳᠡᠭ ᠦᠭᠡᠢ᠃ ᠪᠠᠰᠠ ᠵᠠᠷᠢᠮ ᠨᠤᠲᠤᠭ ᠲᠤ ᠪᠣᠯ ᠴᠠᠭᠠᠨ ᠰᠠᠷ᠎ᠠ ᠶᠢᠨ ᠰᠢᠨᠡᠳ ᠤᠨ | ᠲᠣᠭᠲᠠᠭᠰᠠᠨ ᠨᠢᠭᠡᠨ ᠡᠳᠦᠷ ᠲᠡᠷᠭᠡ ᠳᠡᠭᠡᠷ᠎ᠡ ᠪᠠᠨ ᠳᠦᠭᠦᠷᠡᠩ ᠮᠥᠰᠥ ᠲᠡᠭᠡᠭᠡᠵᠦ᠂ ᠤᠯᠠᠭᠠᠨ ᠴᠠᠭᠠᠨ ᠢᠳᠡᠭᠡᠨ ᠤ ᠲᠠᠬᠢᠯᠭ᠎ᠠ ᠲᠠᠯᠪᠢᠨ᠂ ᠬᠦᠵᠢ ᠠᠷᠴᠠ ᠶᠢᠨ ᠰᠠᠩ | ᠤᠩᠭᠤᠰᠬᠠᠨ ᠲᠡᠷᠭᠡ ᠪᠠᠨ ᠲᠡᠬᠢᠬᠤ ᠪᠥᠭᠡᠳ ᠲᠡᠷᠭᠡᠨ ᠤ ᠡᠵᠡᠨ ᠨᠢ ᠭᠠᠷ ᠤᠨ ᠲᠡᠷᠭᠡ ᠪᠠᠨ ᠬᠥᠯᠵᠦ ᠳᠡᠭᠡᠷ᠎ᠡ ᠨᠢ ᠣᠯᠪᠣᠭ ᠳᠡᠪᠢᠰᠬᠡᠷ ᠳᠡᠪᠢᠰᠦᠨ ᠬᠡᠯᠬᠢᠶᠡᠲᠡᠢ | ᠭᠠᠤᠯᠢᠨ ᠵᠣᠭᠤᠰ᠂ ᠤᠯᠠᠭᠠᠨ ᠴᠠᠭᠠᠨ ᠢᠳᠡᠭᠡᠨ᠂ ᠵᠢᠮᠢᠰ ᠪᠤᠭᠤᠷᠰᠤᠭ ᠵᠡᠷᠭᠡ ᠶᠢ ᠲᠡᠭᠡᠭᠡᠵᠦ ᠥᠪᠡᠷ ᠤᠨ ᠬᠡᠰᠢᠭ ᠵᠦᠭ ᠲᠤ ᠪᠠᠨ ᠬᠥᠳᠡᠯᠦᠨ ᠭᠠᠷᠴᠤ ᠬᠠᠭᠠᠰ ᠭᠠᠵᠠᠷ | ᠣᠷᠴᠢᠮ ᠵᠠᠶᠢᠲᠠᠢ ᠶᠠᠪᠤᠭᠰᠠᠨ ᠤ ᠳᠠᠷᠠᠭ᠎ᠠ ᠲᠡᠭᠷᠢ᠂ ᠭᠠᠵᠠᠷ᠂ ᠯᠤᠤᠰ ᠵᠡᠷᠭᠡ ᠶᠢ ᠲᠡᠬᠢᠬᠤ ᠶᠣᠰᠣᠯᠠᠯ ᠢ ᠭᠦᠢᠴᠡᠳᠬᠡᠭᠡᠳ ᠨᠠᠷᠠᠨ ᠵᠥᠪ ᠢᠶᠠᠷ ᠨᠢᠭᠡ ᠲᠣᠭᠤᠷᠢᠭᠠᠳ | ᠭᠡᠷ ᠲᠤ ᠪᠠᠨ ᠪᠤᠴᠠᠨ ᠢᠷᠡᠳᠡᠭ᠂ ᠡᠭᠦᠨ ᠢ ᠵᠦᠭ ᠭᠠᠷᠭᠠᠬᠤ ᠭᠡᠳᠡᠭ᠃ ᠵᠦᠭ ᠭᠠᠷᠭᠠᠳᠠᠭ ᠨᠢ ᠲᠡᠷᠡ ᠲᠡᠷᠭᠡᠨ ᠤ ᠡᠵᠡᠨ ᠰᠢᠨ᠎ᠡ ᠨᠢᠭᠡᠨ ᠵᠢᠯ ᠳᠤ ᠡᠰᠡᠨ ᠮᠡᠨᠳᠦ᠂ | ᠣᠯᠵᠠ ᠣᠮᠤᠭ ᠲᠠᠢ ᠶᠠᠪᠤᠬᠤ ᠶᠢ ᠪᠡᠯᠭᠡᠳᠡᠭᠰᠡᠨ ᠤᠴᠢᠷ ᠤᠳᠬ᠎ᠠ ᠲᠠᠢ᠃ | | | |