ᠡᠮᠡᠭᠲᠡᠶᠢᠴᠦᠳ ᠤᠨ ᠡᠮᠦᠰᠬᠦ ᠮᠠᠯᠠᠭᠠᠢ ᠴᠢᠬᠢᠪᠴᠢ ᠳᠤ ᠡᠷᠡᠭᠲᠡᠶᠢᠴᠦᠳ ᠤᠨ ᠡᠮᠦᠰᠬᠦ ᠮᠠᠯᠠᠭᠠᠢ ᠳᠤ ᠪᠠᠶᠢᠳᠠᠭ ᠦᠭᠡᠢ ᠶᠣᠰᠣ ᠭᠤᠷᠢᠮ ᠴᠡᠭᠡᠷ ᠬᠤᠷᠢᠭ᠎ᠠ ᠠᠴᠠ | ᠭᠠᠳᠠᠨ᠎ᠠ ᠬᠡᠦᠬᠡᠨ ᠬᠥᠮᠥᠨ ᠪᠠ ᠡᠬᠡᠨᠡᠷ ᠬᠥᠮᠥᠨ ᠤ ᠮᠠᠯᠠᠭᠠᠢ ᠬᠡᠯᠪᠡᠷᠢ ᠶᠠᠩᠵᠤ ᠬᠡᠭᠡᠨᠴᠢᠷ ᠭᠤᠶᠤ ᠶᠢᠨ ᠬᠤᠪᠢ ᠳᠤ ᠲᠣᠳᠣᠷᠬᠠᠢ ᠢᠯᠭᠠᠭ᠎ᠠ ᠲᠠᠢ᠃ ᠬᠡᠦᠬᠡᠨ ᠬᠥᠮᠥᠨ | ᠣᠯᠠᠩᠬᠢ ᠳᠠᠭᠠᠨ ᠮᠠᠯᠠᠭᠠᠢ ᠡᠮᠦᠰᠳᠡᠭ ᠵᠠᠩᠰᠢᠯ ᠦᠭᠡᠢ᠃ ᠭᠡᠪᠡᠴᠦ ᠵᠠᠷᠢᠮ ᠬᠤᠰᠢᠭᠤ ᠨᠤᠲᠤᠭ ᠤᠨ ᠬᠡᠦᠬᠡᠨᠴᠦᠳ ᠡᠪᠦᠯ ᠤᠯᠠᠭᠠᠨ ᠰᠠᠮᠫᠠᠨ ᠣᠷᠣᠢ ᠲᠠᠢ᠂ ᠤᠯᠠᠭᠠᠨ | ᠨᠣᠭᠤᠭᠠᠨ ᠬᠤᠷᠭᠤᠢ ᠪᠠᠷ ᠴᠢᠮᠡᠭᠰᠡᠨ ᠢᠰᠡᠭᠡᠢ ᠲᠣᠭᠤᠷᠴᠤᠭ ᠡᠮᠦᠰᠴᠦ᠂ ᠵᠤᠨ ᠬᠤᠷᠭᠤᠢ ᠲᠣᠷᠭᠠᠨ ᠲᠣᠭᠤᠷᠴᠤᠭ ᠪᠤᠶᠤ ᠶᠠᠤᠳᠠᠨ ᠮᠠᠯᠠᠭᠠᠢ ᠡᠮᠦᠰᠳᠡᠭ ᠵᠠᠩᠰᠢᠯ ᠲᠠᠢ᠃ | ᠬᠡᠦᠬᠡᠨ ᠬᠥᠮᠥᠨ ᠡᠪᠦᠯ ᠤᠨ ᠬᠦᠢᠲᠡᠨ ᠳᠤ ᠪᠠᠷᠤᠭ ᠬᠦᠦ ᠬᠥᠮᠥᠨ ᠰᠢᠭ ᠬᠤᠪᠴᠠᠯᠠᠨ ᠬᠦᠳᠡᠯᠮᠦᠷᠢ ᠠᠵᠢᠯ ᠳᠤ ᠭᠠᠪᠰᠢᠭᠠᠶᠢᠯᠠᠨ ᠣᠷᠣᠯᠴᠠᠳᠠᠭ᠃ ᠬᠡᠦᠬᠡᠨ ᠬᠥᠮᠥᠨ | ᠬᠠᠷᠢ ᠳᠤ ᠮᠣᠷᠳᠠᠨ ᠬᠠᠳᠠᠮ ᠤᠨ ᠭᠠᠵᠠᠷ ᠬᠦᠷᠴᠦ᠂ ᠬᠦᠷᠭᠡᠨ ᠳᠤ ᠣᠴᠢᠨ ᠬᠥᠮᠥᠨ ᠤ ᠪᠡᠷᠢ ᠪᠣᠯᠤᠭᠰᠠᠨ ᠤ ᠳᠠᠷᠠᠭ᠎ᠠ ᠰᠠᠶ᠋ᠢ ᠴᠡᠴᠡᠭ ᠨᠠᠪᠴᠢ ᠶᠢᠨ ᠬᠠᠳᠬᠤᠮᠠᠯ ᠲᠠᠢ᠂ | ᠬᠤᠷᠭᠤᠢ ᠵᠠᠰᠠᠷ ᠢᠶᠠᠷ ᠬᠦᠪᠡᠭᠡᠯᠡᠵᠦ ᠴᠢᠮᠡᠭᠰᠡᠨ ᠤᠯᠠᠭᠠᠨ ᠰᠠᠮᠫᠠᠨ ᠵᠠᠯᠠᠭ᠎ᠠ ᠲᠠᠢ ᠳᠤᠭᠤᠢ ᠮᠠᠯᠠᠭᠠᠢ ᠡᠮᠦᠰᠬᠦ ᠪᠤᠶᠤ ᠴᠡᠴᠡᠭ ᠨᠠᠪᠴᠢ ᠶᠢᠨ ᠬᠠᠳᠬᠤᠮᠠᠯ ᠲᠠᠢ | ᠴᠢᠬᠢᠪᠴᠢ ᠵᠡᠭᠦᠬᠦ ᠶᠣᠰᠣ ᠲᠠᠢ᠃ ᠡᠭᠦᠨ ᠳᠤ ᠲᠣᠯᠣᠭᠠᠢ ᠳᠠᠭᠠᠨ ᠰᠠᠯᠠᠭ᠎ᠠ ᠭᠡᠵᠢᠭᠡ ᠶᠢᠨ ᠵᠠᠰᠠᠯ ᠲᠠᠢ ᠪᠣᠯ ᠳᠤᠭᠤᠢ ᠮᠠᠯᠠᠭᠠᠢ ᠡᠮᠦᠰᠴᠦ᠂ ᠱᠠᠩᠬᠤ ᠵᠠᠰᠠᠯ ᠲᠠᠢ ᠪᠣᠯ | ᠴᠢᠬᠢᠪᠴᠢ ᠵᠡᠭᠦᠳᠡᠭ᠃ ᠴᠢᠬᠢᠪᠴᠢ ᠶᠢ ᠬᠥᠳᠡᠭᠡ ᠭᠠᠳᠠᠭ᠎ᠠ ᠬᠦᠢᠲᠡᠨ ᠳᠤ ᠴᠢᠬᠢ ᠪᠠᠨ ᠳᠤᠯᠠᠭᠠᠯᠠᠬᠤ ᠭᠡᠵᠦ ᠵᠡᠭᠦᠬᠦ ᠠᠴᠠ ᠪᠢᠰᠢ ᠭᠡᠷ ᠲᠤ ᠵᠡᠭᠦᠳᠡᠭ ᠦᠭᠡᠢ᠂ | ᠡᠶᠢᠮᠦ ᠠᠴᠠ ᠭᠡᠷ ᠲᠤ ᠣᠷᠣᠮᠠᠭᠴᠠ ᠴᠢᠬᠢᠪᠴᠢ ᠪᠠᠨ ᠠᠪᠳᠠᠭ ᠶᠣᠰᠣ ᠲᠠᠢ᠃ ᠳᠤᠭᠤᠢ ᠮᠠᠯᠠᠭᠠᠢ ᠪᠣᠯ ᠡᠬᠡᠨᠡᠷ ᠬᠥᠮᠥᠨ ᠤ ᠲᠦᠷᠦ ᠶᠢᠨ ᠳᠦᠷᠪᠡᠨ ᠡᠳ᠋ᠯᠡᠯ ᠤᠨ ᠨᠢᠭᠡ | ᠪᠣᠯᠬᠤᠷ ᠪᠠᠶᠠᠷ ᠶᠣᠰᠣᠯᠠᠯ ᠤᠨ ᠲᠠᠯᠠᠪᠤᠷ ᠲᠤ᠂ ᠠᠪᠤ ᠡᠵᠢ ᠠᠬᠠᠰ ᠵᠠᠬᠠᠰ ᠤᠨ ᠳᠡᠷᠭᠡᠳᠡ ᠵᠠᠪᠠᠯ ᠡᠮᠦᠰᠳᠡᠭ ᠶᠣᠰᠣ ᠲᠠᠢ᠃ ᠬᠡᠵᠢᠶ᠎ᠡ ᠵᠣᠴᠢᠨ ᠮᠣᠷᠳᠠᠵᠤ᠂ ᠠᠪᠤ | ᠡᠵᠢ ᠶᠢᠨ ᠭᠡᠷ ᠠᠴᠠ ᠤᠬᠤᠷᠢᠨ ᠭᠠᠷᠴᠤ ᠠᠰ ᠤᠨ ᠭᠡᠷ ᠲᠡᠭᠡᠨ ᠣᠷᠣᠪᠠᠯ ᠰᠠᠶ᠋ᠢ ᠮᠠᠯᠠᠭᠠᠢ ᠪᠠᠨ ᠠᠪᠴᠤ ᠪᠤᠯᠳᠠᠭ᠃ ᠮᠠᠯᠠᠭᠠᠢ ᠴᠢᠬᠢᠪᠴᠢ ᠶᠢ ᠥᠨᠳᠥᠷ ᠲᠤ ᠡᠯᠭᠦᠬᠦ | ᠪᠤᠶᠤ ᠲᠤᠰᠬᠠᠢ ᠬᠠᠶᠢᠷᠴᠠᠭ ᠲᠤ ᠬᠢᠵᠦ ᠲᠠᠯᠪᠢᠳᠠᠭ᠃ ᠳᠤᠷ᠎ᠠ ᠲᠠᠪᠠ ᠪᠠᠷ ᠢᠶᠠᠨ ᠠᠳᠡ ᠲᠡᠨᠳᠡ ᠬᠠᠶᠠᠯᠠᠵᠤ ᠪᠤᠯᠳᠠᠭ ᠦᠭᠡᠢ᠂ ᠢᠯᠠᠩᠭᠤᠶ᠎ᠠ ᠥᠮᠥᠳᠦ ᠭᠤᠲᠤᠯ ᠲᠠᠢ | ᠣᠶᠢᠷᠠᠲᠤᠭᠤᠯᠬᠤ ᠶᠢ ᠴᠢᠩᠭ᠎ᠠ ᠴᠡᠭᠡᠷᠯᠡᠳᠡᠭ᠃ ᠲᠣᠯᠣᠭᠠᠢ ᠶᠢᠨ ᠵᠠᠰᠠᠯ ᠵᠡᠭᠦᠪᠡᠯ ᠰᠠᠮᠫᠠᠨ ᠵᠠᠯᠠᠭ᠎ᠠ ᠪᠦᠴᠡ ᠲᠠᠢ ᠳᠤᠭᠤᠢ ᠮᠠᠯᠠᠭᠠᠢ ᠡᠮᠦᠰᠳᠡᠭ ᠶᠣᠰᠣ ᠲᠠᠢ᠃ ᠱᠠᠩᠬᠤ | ᠵᠠᠰᠠᠯ ᠳᠤ ᠮᠠᠯᠠᠭᠠᠢ ᠡᠮᠦᠰᠳᠡᠭ ᠦᠭᠡᠢ᠃ | | | |