ᠮᠣᠩᠭᠤᠯᠴᠤᠳ ᠤᠨ ᠪᠡᠯᠡᠭ ᠬᠦᠷᠭᠡᠬᠦ ᠶᠣᠰᠣᠨ ︵ᠨᠢᠭᠡ︶
ᠨᠡᠶᠢᠲᠡᠯᠡᠭᠰᠡᠨ ᠴᠠᠭ᠄
2024/12/16
       ᠮᠣᠩᠭᠤᠯᠴᠤᠳ ᠨᠢ ᠡᠷᠲᠡ ᠳᠡᠭᠡᠳᠦ ᠦᠶ᠎ᠡ ᠠᠴᠠ ᠪᠠᠨ ᠪᠡᠯᠡᠭ ᠢᠯᠡᠭᠡᠬᠦ ᠵᠠᠩ ᠵᠠᠩᠰᠢᠯ ᠢ ᠬᠦᠨᠳᠦᠳᠬᠡᠨ ᠬᠡᠷᠡᠭᠯᠡᠳᠡᠭ ᠪᠠᠶᠢᠵᠠᠢ᠃ ᠮᠣᠩᠭᠤᠯᠴᠤᠳ ᠤᠨ  ᠨᠤᠲᠤᠭ ᠨᠢ ᠥᠷᠭᠡᠨ ᠠᠭᠤᠳᠠᠮ ᠪᠠᠶᠢᠵᠤ᠂ ᠰᠠᠭᠤᠷᠢᠰᠢᠯ ᠪᠠᠶᠢᠷᠢᠰᠢᠯ ᠲᠠᠷᠠᠬᠠᠢ᠂ ᠬᠤᠯᠠ ᠬᠤᠯᠠ ᠨᠤᠲᠤᠭᠯᠠᠳᠠᠭ ᠪᠥᠭᠡᠳ ᠬᠡᠦᠬᠡᠨ ᠦᠷ᠎ᠡ ᠪᠠᠨ ᠬᠠᠷᠢ ᠳᠤ ᠬᠤᠯᠠ  ᠮᠣᠷᠳᠠᠭᠤᠯᠬᠤ ᠵᠡᠷᠭᠡ ᠰᠢᠯᠲᠠᠭᠠᠨ ᠢᠶᠠᠷ ᠬᠠᠷᠢᠯᠴᠠᠨ ᠠᠭᠤᠯᠵᠠᠵᠤ ᠤᠴᠠᠷᠠᠬᠤ ᠨᠢ ᠴᠤ ᠠᠶᠠᠨᠳᠠᠭᠠᠨ ᠴᠥᠭᠡᠨ ᠪᠣᠯᠴᠢᠬᠠᠳᠠᠭ᠃ ᠣᠯᠠᠩᠬᠢ ᠨᠢ ᠵᠢᠯ ᠴᠠᠭᠠᠨ ᠰᠠᠷ᠎ᠠ᠂  ᠪᠠᠶᠠᠷ ᠳᠤᠷᠠᠰᠬᠠᠯ ᠤᠨ ᠡᠳᠦᠷ ᠪᠤᠶᠤ ᠬᠤᠷᠢᠮ ᠨᠠᠶᠢᠷ ᠳᠤ ᠯᠡ ᠤᠴᠠᠷᠠᠨ᠎ᠠ᠂ ᠵᠠᠷᠢᠮ ᠨᠢ ᠴᠢᠨᠠᠭᠰᠢᠳᠠ ᠬᠡᠳᠦᠨ ᠵᠢᠯ ᠥᠩᠭᠡᠷᠡᠭᠡᠳ ᠰᠠᠶ᠋ᠢ ᠣᠯᠵᠤ ᠠᠭᠤᠯᠵᠠᠵᠤ  ᠵᠣᠯᠭᠠᠳᠠᠭ ᠪᠣᠯᠬᠤᠷ ᠰᠠᠨᠠᠵᠤ ᠪᠣᠳᠣᠭᠰᠠᠨ ᠰᠡᠳᠬᠢᠯ ᠢᠶᠠᠨ ᠪᠡᠯᠡᠭ ᠬᠦᠷᠭᠡᠨ ᠭᠦᠢᠴᠡᠭᠡᠳᠡᠭ ᠪᠠᠶᠢᠵᠠᠢ᠃ ᠰᠠᠶᠢᠨ ᠰᠠᠶᠢᠬᠠᠨ ᠪᠠᠶᠢᠭ᠎ᠠ ᠪᠠᠨ ᠬᠠᠷᠢᠯᠴᠠᠨ ᠮᠡᠳᠡᠯᠴᠡᠬᠦ  ᠨᠠᠨᠳᠢᠨ ᠪᠡᠯᠡᠭ ᠢ ᠵᠥᠪᠬᠡᠨ ᠲᠠᠨᠢᠬᠤ ᠲᠥᠷᠥᠯ ᠰᠠᠳᠤᠨ ᠪᠤᠶᠤ ᠨᠤᠲᠤᠭ ᠤᠨ ᠬᠥᠮᠥᠨ ᠢᠶᠠᠷ ᠯᠡ ᠳᠠᠮᠵᠢᠭᠤᠯᠳᠠᠭ᠃ ᠤᠴᠢᠷ ᠨᠢ᠂ ᠲᠡᠷᠡ ᠪᠣᠯ ᠰᠠᠶᠢᠨ ᠰᠠᠶᠢᠬᠠᠨ ᠤ  ᠪᠡᠯᠭᠡᠳᠡᠯ ᠪᠣᠯᠳᠠᠭ᠃ ᠪᠡᠯᠡᠭ ᠨᠢ ᠪᠠᠭ᠎ᠠ ᠴᠤ ᠰᠡᠳᠬᠢᠯ ᠨᠢ ᠬᠦᠨᠳᠦ ᠪᠠᠶᠢᠳᠠᠭ᠃ ᠥᠩᠭᠡᠷᠡᠭᠰᠡᠨ ᠳᠤ ᠮᠣᠩᠭᠤᠯᠴᠤᠳ ᠪᠡᠯᠡᠭ ᠢ ᠲᠡᠭᠰᠢ ᠳᠥᠷᠪᠡᠯᠵᠢᠨ ᠪᠤᠶᠤ ᠤᠷᠲᠤ  ᠳᠥᠷᠪᠡᠯᠵᠢᠨ ᠴᠡᠪᠡᠷ ᠲᠣᠬᠢᠯᠢᠭ ᠴᠠᠭᠠᠰᠤ ᠪᠠᠷ ᠪᠠᠭᠯᠠᠵᠤ᠂ ᠪᠡᠯᠡᠭ ᠤᠨ ᠢᠶᠠᠨ ᠠᠮᠠᠰᠠᠷ ᠲᠠᠯ᠎ᠠ ᠳᠤ ᠨᠢ ᠤᠯᠠᠭᠠᠨ ᠰᠢᠩᠬᠤ ᠪᠤᠶᠤ ᠤᠯᠠᠭᠠᠨ ᠴᠠᠭᠠᠰᠤ ᠨᠠᠭᠠᠵᠤ  ᠪᠡᠯᠡᠭ ᠤᠨ ᠬᠦᠨᠳᠦᠳᠬᠡᠯ ᠪᠣᠯᠭᠠᠳᠠᠭ᠃ ᠪᠠᠰᠠ ᠤᠯᠠᠭᠠᠨ ᠴᠠᠭᠠᠰᠤ ᠪᠤᠶᠤ ᠤᠯᠠᠭᠠᠨ ᠤᠯᠠᠭᠠᠨ ᠪᠣᠳᠤᠭ ᠢᠶᠠᠷ ᠥᠯᠵᠡᠢ ᠵᠠᠩᠭᠢᠶ᠎ᠠ ᠪᠤᠶᠤ ᠬᠠᠰ ᠲᠠᠮᠠᠭ᠎ᠠ ᠵᠢᠷᠤᠵᠤ  ᠪᠢᠲᠡᠭᠦᠮᠵᠢᠯᠡᠭᠡᠳ ᠳᠠᠮᠵᠢᠭᠤᠯᠬᠤ ᠬᠥᠮᠥᠨ ᠳᠡᠭᠡᠨ ᠠᠮᠠᠰᠠᠷ ᠢ ᠨᠢ ᠥᠭᠡᠳᠡ ᠠᠴᠠ ᠨᠢ ᠬᠠᠨᠳᠤᠭᠤᠯᠵᠤ ᠥᠭᠭᠦᠭᠡᠳ ᠪᠡᠯᠡᠭ ᠢ ᠨᠢ ᠲᠣᠰᠴᠤ ᠬᠤᠷᠢᠶᠠᠬᠤ ᠰᠠᠳᠤᠨ ᠲᠥᠷᠥᠯ᠂ ᠨᠠᠶᠢᠵᠠ ᠨᠥᠬᠦᠳ ᠤᠨ ᠢᠶᠠᠨ ᠭᠠᠵᠠᠷ ᠣᠷᠣᠨ᠂ ᠨᠡᠷ᠎ᠡ ᠣᠪᠣᠭ ᠢ ᠨᠢ ᠲᠣᠳᠣᠷᠬᠠᠢ ᠬᠡᠯᠡᠵᠦ ᠥᠭᠳᠡᠭ᠃ ᠪᠡᠯᠡᠭ ᠢ ᠳᠠᠮᠵᠢᠭᠤᠯᠬᠤ ᠬᠥᠮᠥᠨ ᠨᠢ ᠠᠰᠠᠭᠤᠵᠤ ᠰᠤᠷᠠᠨ  ᠶᠠᠪᠤᠭᠰᠠᠭᠠᠷ ᠲᠤᠬᠠᠢ ᠶᠢᠨ ᠭᠠᠵᠠᠷ ᠲᠤᠨᠢ ᠬᠦᠷᠴᠦ᠂ ᠲᠤᠰ ᠬᠥᠮᠥᠨ ᠳᠤ ᠨᠢ ᠭᠠᠷᠳᠠᠭᠤᠯᠬᠤ ᠳᠠᠭᠠᠨ ᠪᠡᠯᠡᠭ ᠤᠨ ᠠᠮᠠ ᠶᠢ ᠮᠥᠨ ᠥᠭᠡᠳᠡ ᠠᠴᠠ ᠨᠢ ᠬᠠᠨᠳᠤᠭᠤᠯᠤᠨ  ᠲᠤᠰᠢᠶᠠᠵᠤ᠂ ᠪᠡᠯᠡᠭ ᠢᠯᠡᠭᠡᠭᠰᠡᠨ ᠬᠥᠮᠥᠨ ᠤ ᠣᠪᠣᠭ ᠨᠡᠷ᠎ᠡ᠂ ᠣᠷᠣᠨ ᠰᠠᠭᠤᠴᠠ ᠶᠢ ᠲᠣᠳᠣᠷᠬᠠᠢ ᠶᠠᠷᠢᠵᠤ᠂ ᠠᠶᠢᠯ ᠰᠠᠭᠠᠯᠲᠠ ᠠᠮᠤᠷ ᠰᠠᠶᠢᠬᠠᠨ᠂ ᠠᠯᠪᠠ ᠪᠦᠬᠦᠨ  ᠠᠮᠵᠢᠯᠲᠠ ᠲᠠᠢ ᠰᠠᠶᠢᠨ ᠭᠡᠵᠦ ᠪᠡᠯᠭᠡᠳᠡᠨ ᠶᠠᠷᠢᠳᠠᠭ᠃ ᠪᠡᠯᠡᠭ ᠳᠤᠰᠤᠭᠰᠠᠨ ᠬᠥᠮᠥᠨ ᠲᠤᠩ ᠪᠠᠶᠠᠷᠲᠠᠢ ᠬᠦᠯᠢᠶᠡᠨ ᠠᠪᠤᠭᠠᠳ ᠵᠡᠭᠦᠨ ᠡᠮᠦᠨᠡᠬᠢ ᠬᠤᠷᠭᠤ ᠳᠡᠭᠡᠷ᠎ᠡ  ᠬᠦᠨᠳᠦᠳᠬᠡᠨ ᠲᠠᠯᠪᠢᠨ᠎ᠠ᠃              ᠥᠩᠭᠡᠷᠡᠭᠰᠡᠨ ᠳᠤ ᠮᠣᠩᠭᠤᠯ ᠭᠡᠷ ᠤᠨ ᠵᠡᠭᠦᠨ ᠪᠤᠶᠤ ᠵᠡᠭᠦᠨ ᠡᠮᠦᠨ᠎ᠡ ᠲᠠᠯ᠎ᠠ ᠪᠣᠯ ᠬᠠᠮᠤᠭ ᠤᠨ ᠬᠦᠨᠳᠦᠲᠡᠢ ᠵᠦᠭ ᠪᠠᠶᠢᠳᠠᠭ᠃ ᠢᠩᠭᠢᠭᠡᠳ ᠪᠡᠯᠡᠭ ᠬᠦᠷᠭᠡᠵᠦ  ᠢᠷᠡᠭᠰᠡᠨ ᠬᠥᠮᠥᠨ ᠢ ᠲᠥᠷᠥᠯ ᠰᠠᠳᠤᠨ ᠢᠶᠠᠨ ᠢᠷᠡᠭᠰᠡᠨ ᠰᠢᠭ ᠬᠦᠨᠳᠦᠳᠬᠡᠵᠦ᠂ ᠠᠶᠢᠯ ᠠᠶᠢᠮᠠᠭ᠂ ᠡᠯᠢᠭᠡᠨ ᠰᠠᠳᠤᠨ᠂ ᠨᠤᠲᠤᠭ ᠤᠰᠤᠨ᠂ ᠮᠠᠯ ᠠᠬᠤᠢ ᠶᠢᠨ  ᠵᠣᠭᠤᠭ ᠳᠡᠯᠭᠡᠵᠦ᠂ ᠬᠤᠨᠢ ᠨᠢᠲᠤᠯᠵᠤ᠂ ᠱᠥᠯᠥ ᠪᠡᠯᠡᠳᠬᠡᠨ᠂ ᠠᠮᠲᠠᠲᠤ ᠢᠳᠡᠭᠡᠨ ᠤ ᠪᠠᠨ ᠳᠡᠭᠡᠵᠢ ᠪᠠᠷ ᠵᠣᠴᠢᠯᠠᠨ ᠳᠠᠶᠢᠯᠠᠵᠤ᠂ ᠵᠤᠷᠰᠢᠯ ᠶᠣᠰᠣᠭᠠᠷ ᠬᠠᠷᠢᠭᠤ ᠪᠡᠯᠡᠭ  ᠪᠣᠭᠤᠵᠤ ᠶᠠᠪᠤᠭᠤᠯᠳᠠᠭ ᠪᠠᠶᠢᠵᠠᠢ᠃             ᠪᠡᠯᠡᠭ ᠬᠦᠷᠭᠡᠵᠦ ᠢᠷᠡᠭᠰᠡᠨ ᠵᠣᠴᠢᠨ ᠢᠶᠠᠨ ᠮᠣᠷᠳᠠᠭᠤᠯᠤᠭᠰᠠᠨ ᠤ ᠳᠠᠷᠠᠭ᠎ᠠ ᠰᠠᠶ᠋ᠢ ᠳᠤᠰᠤᠭᠰᠠᠨ ᠪᠡᠯᠡᠭ ᠢᠶᠠᠨ ᠵᠠᠳᠠᠯᠵᠤ᠂ ᠬᠡᠦᠬᠡᠳ ᠠᠴᠢ ᠨᠠᠷ ᠲᠠᠭᠠᠨ ᠪᠡᠯᠡᠭ  ᠢᠯᠡᠭᠡᠭᠰᠡᠨ ᠬᠥᠮᠥᠨ ᠬᠡᠨ ᠪᠣᠯᠬᠤ᠂ ᠬᠠᠷᠢᠴᠠᠭ᠎ᠠ ᠳᠠᠭᠤᠳᠠᠯᠭ᠎ᠠ ᠶᠢ ᠨᠠᠷᠢᠨ ᠲᠠᠨᠢᠯᠴᠠᠭᠤᠯᠤᠨ ᠥᠭᠴᠦ᠂ ᠦᠷᠭᠦᠯᠵᠢ ᠬᠠᠷᠢᠯᠴᠠᠵᠤ ᠶᠠᠪᠤᠯᠴᠠᠬᠤ ᠶᠢ ᠰᠠᠨᠠᠭᠤᠯᠤᠨ  ᠵᠠᠬᠢᠳᠠᠭ᠃ ᠬᠠᠷᠢᠭᠤ ᠪᠡᠯᠡᠭ ᠢ ᠲᠣᠰᠴᠤ ᠠᠪᠤᠭᠰᠠᠨ ᠬᠥᠮᠥᠨ ᠨᠢ ᠠᠵᠢᠯ ᠶᠠᠪᠤᠳᠠᠯ ᠢᠶᠠᠨ ᠪᠠᠷᠠᠭᠠᠴᠢᠬᠠᠭᠠᠳ ᠪᠤᠴᠠᠭᠰᠠᠨ ᠤ ᠬᠤᠶᠢᠨ᠎ᠠ ᠬᠠᠷᠢᠭᠤ ᠪᠡᠯᠡᠭ ᠢ ᠨᠢ  ᠭᠠᠷᠳᠠᠭᠤᠯᠤᠭᠠᠳ ᠦᠵᠡᠵᠦ ᠰᠣᠨᠣᠰᠤᠭᠰᠠᠨ ᠢᠶᠠᠨ ᠶᠠᠷᠢᠵᠤ᠂ ᠳᠠᠮᠵᠢᠭᠤᠯᠤᠭᠰᠠᠨ ᠦᠭᠡ ᠶᠢ ᠨᠢ ᠲᠡᠷᠡ ᠶᠣᠰᠣᠭᠠᠷ ᠨᠢ ᠳᠠᠮᠵᠢᠭᠤᠯᠬᠤ ᠶᠢᠨ ᠬᠠᠮᠲᠤ ᠡᠭᠦᠷᠭᠡ  ᠬᠠᠷᠢᠭᠤᠴᠠᠯᠭ᠎ᠠ ᠪᠠᠨ ᠬᠦᠨᠳᠦᠳᠬᠡᠨ ᠪᠡᠶᠡᠯᠡᠭᠦᠯᠳᠡᠭ᠃        
ᠢᠷᠡᠯᠲᠡ᠄ ᠬᠠᠭᠤᠴᠢᠨ ᠪᠠᠷᠭᠤ ᠬᠤᠰᠢᠭᠤᠨ ᠤ ᠠᠷᠠᠳ ᠤᠨ ᠵᠠᠰᠠᠭ ᠤᠨ ᠣᠷᠳᠣᠨ