ᠮᠣᠩᠭᠤᠯᠴᠤᠳ ᠤᠨ ᠵᠠᠩ ᠵᠠᠩᠰᠢᠯ᠂ ᠴᠡᠭᠡᠷ ᠶᠣᠰᠣᠨ ᠨᠢ ᠶᠡᠬᠡᠩᠬᠢ ᠳᠡᠭᠡᠨ ᠠᠳᠠᠯᠢᠬᠠᠨ ᠬᠡᠷᠡᠭᠯᠡᠭᠳᠡᠵᠦ ᠢᠷᠡᠭᠰᠡᠨ ᠪᠣᠯᠪᠠᠴᠤ ᠭᠠᠵᠠᠷ ᠭᠠᠵᠠᠷ ᠤᠨ ᠭᠠᠯᠠᠭᠤ | ᠰᠢᠪᠠᠭᠤ ᠨᠢ ᠭᠤᠸᠠᠯᠠᠬᠤ ᠨᠢ ᠣᠨᠳᠣᠣ ᠭᠡᠳᠡᠭᠴᠢᠯᠡᠨ ᠲᠤᠰᠪᠦᠷᠢ ᠦᠭᠡ ᠬᠡᠯᠡᠯᠭᠡ᠂ ᠵᠠᠩ ᠳᠠᠳᠬᠠᠯ ᠤᠨ ᠨᠠᠷᠢᠨ ᠢᠯᠭᠠᠭ᠎ᠠ ᠬᠠᠷᠠᠭᠳᠠᠵᠤ ᠪᠠᠶᠢᠳᠠᠭ ᠶᠤᠮ᠃ ᠶᠡᠷᠦ ᠨᠢ | ᠴᠡᠭᠡᠷᠯᠡᠬᠦ ᠶᠣᠰᠣᠨ ᠳᠤ ᠬᠥᠮᠥᠨ ᠪᠦᠬᠦᠨ ᠶᠠᠮᠠᠷ ᠶᠠᠮᠠᠷ ᠵᠦᠢᠯ ᠢ ᠶᠠᠭᠤᠨ ᠤ ᠤᠴᠢᠷ ᠠᠴᠠ ᠨᠠᠰᠤᠨ ᠡᠭᠦᠷᠢᠳᠡ ᠴᠡᠭᠡᠷᠯᠡᠬᠦ ᠴᠢᠬᠤᠯᠠ ᠲᠠᠢ ᠪᠤᠢ᠂ ᠶᠠᠭᠤ ᠶᠠᠭᠤ ᠶᠢ ᠶᠠᠮᠠᠷ | ᠰᠢᠯᠲᠠᠭᠠᠨ ᠠᠴᠠ ᠣᠬᠤᠷᠬᠠᠨ ᠬᠤᠭᠤᠴᠠᠭᠠᠨ ᠳᠤ ᠠᠩᠬᠠᠷᠴᠤ ᠬᠢᠴᠢᠶᠡᠬᠦ ᠬᠡᠷᠡᠭᠲᠡᠢ ᠪᠤᠢ ᠭᠡᠳᠡᠭ ᠢ ᠲᠡᠭᠦᠨ ᠤ ᠦᠭᠡ ᠬᠡᠯᠡ᠂ ᠶᠣᠰᠣ ᠰᠤᠷᠲᠠᠬᠤᠨ᠂ ᠱᠠᠰᠢᠨ | ᠰᠤᠷᠲᠠᠬᠤᠨ᠂ ᠭᠤᠸ᠎ᠠ ᠵᠦᠢ᠂ ᠰᠡᠳᠬᠢᠴᠡ ᠵᠦᠢ᠂ ᠡᠷᠡᠭᠦᠯ ᠡᠩᠬᠡ᠂ ᠪᠠᠶᠢᠭᠠᠯᠢ ᠶᠢᠨ ᠬᠠᠤᠯᠢ ᠵᠡᠷᠭᠡ ᠬᠤᠯᠪᠣᠭᠳᠠᠯ ᠲᠠᠢ ᠵᠦᠢᠯ ᠤᠳ ᠠᠴᠠ ᠨᠢ ᠰᠤᠳᠤᠯᠵᠤ᠂ ᠭᠦᠢᠴᠡᠳ | ᠵᠥᠪ ᠲᠠᠨᠢᠬᠤ ᠴᠢᠬᠤᠯᠠᠲᠠᠢ ᠭᠡᠳᠡᠭ ᠢ ᠶᠠᠭᠤᠨ ᠤ ᠤᠷᠢᠳ ᠠᠩᠬᠠᠷᠬᠤ ᠬᠡᠷᠡᠭᠲᠡᠢ ᠶᠤᠮ᠃ ᠡᠶᠢᠮᠦ ᠠᠴᠠ ᠮᠣᠩᠭᠤᠯᠴᠤᠳ ᠡᠷᠲᠡ ᠦᠶ᠎ᠡ ᠠᠴᠠ ᠠᠭᠤᠵᠢᠮ | ᠪᠠᠭᠲᠠᠭᠠᠮᠵᠢᠲᠠᠢ ᠪᠣᠯᠪᠠᠰᠤᠨ᠂ ᠴᠡᠪᠡᠷ ᠦᠭᠡ ᠶᠠᠷᠢᠶ᠎ᠠ ᠶᠢ ᠴᠢᠬᠤᠯᠠᠴᠢᠯᠠᠵᠤ᠂ ᠡᠭᠦᠨ ᠢᠶᠠᠷ ᠬᠥᠮᠥᠨ ᠬᠥᠮᠥᠨ ᠤ ᠬᠤᠭᠤᠷᠣᠨᠳᠣᠬᠢ᠂ ᠠᠶᠢᠯ ᠰᠠᠭᠠᠬᠠᠯᠲᠠ ᠶᠢᠨ | ᠬᠤᠭᠤᠷᠣᠨᠳᠣᠬᠢ ᠪᠦᠷ ᠴᠢᠨᠠᠭᠰᠢᠯᠠᠭᠠᠳ ᠪᠦᠬᠦ ᠨᠡᠶᠢᠭᠡᠮ ᠤᠨ ᠡᠪ ᠨᠠᠶᠢᠷ᠂ ᠡᠶ᠎ᠡ ᠵᠣᠬᠢᠴᠠᠯ ᠢ ᠪᠠᠲᠤᠳᠬᠠᠵᠤ ᠢᠷᠡᠭᠰᠡᠨ ᠨᠢ ᠭᠠᠶᠢᠬᠠᠯᠲᠠᠢ᠃ | ᠮᠣᠩᠭᠤᠯᠴᠤᠳ ᠠᠮᠤᠷ ᠮᠡᠨᠳᠦ ᠠᠰᠠᠭᠤᠯᠴᠠᠬᠤ ᠳᠤ ᠪᠠᠰᠠ ᠴᠡᠭᠡᠷ ᠶᠣᠰᠣᠨ ᠪᠠᠶᠢᠳᠠᠭ᠃ ᠵᠢᠱᠢᠶᠡᠯᠡᠪᠡᠯ ︽ᠰᠠᠶᠢᠨ ᠶᠠᠪᠤᠵᠤ ᠪᠠᠶᠢᠨ᠎ᠠ ᠤᠤ︖︾ ᠭᠡᠵᠦ | ᠠᠰᠠᠭᠤᠬᠤ ᠶᠢ ᠴᠡᠭᠡᠷᠯᠡᠵᠦ ᠪᠠᠶᠢᠭᠰᠠᠨ ᠶᠤᠮ᠃ ᠵᠣᠴᠢᠨ ᠢ ᠬᠦᠨᠳᠦᠳᠬᠡᠬᠦ ᠡᠭᠦᠳᠡᠨ ᠠᠴᠠ ᠥᠪᠡᠷ ᠤᠨ ᠰᠠᠶᠢᠨ ᠰᠠᠶᠢᠬᠠᠨ ᠰᠠᠨᠠᠭ᠎ᠠ᠂ ᠴᠠᠭᠠᠪᠤᠷ ᠰᠡᠳᠬᠢᠯ ᠢᠶᠠᠨ | ᠢᠯᠡᠳᠬᠡᠬᠦ ᠶᠢᠨ ᠲᠥᠯᠥᠭᠡ᠂ ᠵᠣᠴᠢᠨ ᠢᠷᠡᠪᠡᠯ ᠭᠠᠳᠠᠨ᠎ᠠ ᠭᠠᠷᠴᠤ ᠨᠣᠬᠠᠢ ᠬᠤᠷᠢᠵᠤ᠂ ᠭᠡᠷ ᠲᠡᠭᠡᠨ ᠣᠷᠣᠭᠤᠯᠤᠭᠠᠳ᠄ ︽ᠲᠠ ᠰᠠᠶᠢᠨ ᠮᠣᠷᠢᠯᠠᠵᠤ ᠪᠠᠶᠢᠨ᠎ᠠ ᠤᠤ︖ ︾ | ᠭᠡᠵᠦ ᠳᠣᠲᠣᠨᠣᠴᠢᠯᠠᠨ ᠠᠮᠤᠷ ᠠᠰᠠᠭᠤᠨ᠂ ᠬᠦᠬᠦᠷ ᠰᠣᠯᠢᠯᠴᠠᠨ ᠮᠡᠨᠳᠦᠴᠢᠯᠡᠳᠡᠭ ᠵᠠᠩᠰᠢᠯ ᠲᠠᠢ᠃ ᠮᠥᠨᠴᠦ ᠴᠠᠭᠠᠨ ᠢᠳᠡᠭᠡ ᠲᠠᠪᠠᠭᠯᠠᠨ᠂ ᠰᠦ ᠲᠠᠢ ᠴᠠᠢ ᠠᠶᠠᠭᠠᠯᠠᠵᠤ | ᠵᠠᠰᠠᠳᠠᠭ ᠠᠷᠢᠭᠤᠨ ᠵᠠᠩᠰᠢᠯ ᠲᠠᠢ ᠪᠠᠶᠢᠳᠠᠭ᠃ | ᠬᠠᠭᠤᠴᠢᠨ ᠳᠤ ᠮᠣᠩᠭᠤᠯᠴᠤᠳ ︽ᠤᠰᠤ ᠤᠤᠭᠤ︾ ᠭᠡᠵᠦ ᠬᠡᠯᠡᠬᠦ ᠶᠢ ᠴᠡᠭᠡᠷᠯᠡᠳᠡᠭ ᠪᠠᠶᠢᠵᠠᠢ᠃ ᠮᠣᠩᠭᠤᠯᠴᠤᠳ ᠤᠨ ᠤᠯᠠᠮᠵᠢᠯᠠᠯᠲᠤ ᠶᠣᠰᠣᠨ ᠢᠶᠠᠷ | ᠪᠤᠷᠬᠠᠨ ᠳᠤ ᠪᠣᠯ ᠲᠠᠬᠢᠯ᠂ ᠲᠡᠭᠷᠢ ᠳᠤ ᠪᠣᠯ ᠰᠠᠴᠤᠯᠢ᠂ ᠬᠥᠮᠥᠨ ᠳᠤ ᠪᠣᠯ ᠤᠮᠳᠠ᠂ ᠮᠠᠯ ᠠᠳᠤᠭᠤᠰᠤ ᠳᠤ ᠪᠣᠯ ᠰᠠᠶ᠋ᠢ ︽ᠤᠰᠤ︾᠂ ᠴᠢᠳᠬᠦᠷ ᠲᠤ ᠪᠣᠯ ᠴᠢᠰᠤ ᠭᠡᠬᠦ | ᠵᠡᠷᠭᠡ ᠤᠳᠬ᠎ᠠ ᠶᠢᠨ ᠨᠠᠷᠢᠨ ᠢᠯᠭᠠᠭ᠎ᠠ ᠲᠠᠢ ᠬᠡᠷᠡᠭᠯᠡᠭᠳᠡᠳᠡᠭ ᠪᠠᠶᠢᠭᠰᠠᠨ ᠪᠥᠭᠡᠳ ᠪᠤᠮᠪᠠ ᠳᠤ ᠭᠠᠷ ᠨᠢᠭᠤᠷ ᠤᠬᠢᠶᠠᠬᠤ ᠶᠢ ᠨᠢ ᠷᠠᠰᠢᠶᠠᠨ᠂ ᠲᠡᠭᠷᠢ ᠠᠴᠠ ᠪᠠᠭᠤᠬᠤ ᠶᠢ | ᠨᠢ ᠪᠣᠷᠣᠭᠠᠨ ᠬᠤᠷ᠎ᠠ᠂ ᠭᠠᠵᠠᠷ ᠠᠴᠠ ᠪᠤᠷᠭᠢᠯᠬᠤ ᠶᠢ ᠨᠢ ᠪᠤᠯᠠᠭ᠂ ᠷᠠᠰᠢᠶᠠᠨ ᠭᠡᠵᠦ ᠠᠳᠠᠯᠢ ᠪᠤᠰᠤ ᠪᠠᠷ ᠨᠡᠷᠡᠶᠢᠳᠴᠦ ᠢᠷᠡᠭᠰᠡᠨ ᠨᠢ ᠱᠠᠰᠢᠨ ᠰᠢᠲᠦᠯᠭᠡ᠂ ᠶᠣᠰᠣ | ᠮᠣᠷᠠᠯ ᠠᠴᠠ ᠡᠭᠦᠰᠦᠯᠲᠡᠢ ᠪᠣᠯᠬᠤ ᠶᠢ ᠵᠠᠪᠠᠯ ᠮᠡᠳᠡᠬᠦ ᠬᠡᠷᠡᠭᠲᠡᠢ ᠶᠤᠮ᠃ | ᠮᠣᠩᠭᠤᠯᠴᠤᠳ ︽ᠤᠰᠤ ᠤᠤᠭᠤᠬᠤ︾ ᠦᠭᠡᠢ ᠪᠢᠰᠢ ᠤᠤᠭᠤᠨ᠎ᠠ᠃ ᠶᠡᠷᠦᠩᠬᠡᠢ ᠳᠡᠭᠡᠨ ᠪᠠᠷᠤᠭ ᠳᠣᠣᠷᠠᠬᠢ ᠬᠤᠶᠠᠷ ᠵᠦᠢᠯ ᠤᠨ ᠪᠠᠶᠢᠳᠠᠯ ᠳᠣᠣᠷ᠎ᠠ ᠯᠡ | ᠤᠤᠭᠤᠳᠠᠭ ᠪᠠᠶᠢᠨ᠎ᠠ᠃ ᠮᠠᠰᠢ ᠬᠦᠨᠳᠦ ᠡᠪᠡᠳᠴᠢᠨ ᠲᠠᠢ ᠬᠥᠮᠥᠨ ᠳᠤ ᠪᠤᠴᠠᠯᠤᠭᠰᠠᠨ ᠤᠰᠤ ᠤᠤᠭᠤᠯᠭᠠᠵᠤ ᠡᠪᠡᠳᠴᠢᠨ ᠤ ᠬᠠᠯᠠᠭᠤᠨ ᠢ ᠬᠠᠳᠠᠩᠰᠢᠭᠤᠯᠤᠨ᠎ᠠ᠃ ᠮᠥᠨ | ᠪᠠᠰᠠ ᠨᠠᠰᠤᠨ ᠡᠴᠦᠰᠯᠡᠬᠦ ᠶᠢᠨ ᠳᠠᠪᠠᠭᠠᠨ ᠳᠡᠭᠡᠷ᠎ᠡ ᠬᠤᠭᠤᠯᠠᠢ ᠪᠠᠷ ᠨᠢ ᠬᠤᠭᠤᠯᠠ ᠤᠮᠳᠠ ᠣᠷᠣᠬᠤ ᠦᠭᠡᠢ ᠪᠣᠯ ᠠᠮᠠᠨ ᠳᠤᠨᠢ ᠬᠠᠯᠪᠠᠭ᠎ᠠ ᠪᠠᠷ ᠪᠦᠯᠢᠶᠡᠨ ᠤᠰᠤ | ᠥᠭᠳᠡᠭ᠃ ᠡᠶᠢᠮᠦ ᠠᠴᠠ ᠡᠷᠲᠡᠨ ᠤ ᠦᠭᠡᠨ ᠳᠤ᠄ ︽ᠠᠮᠢ ᠪᠠᠷᠠᠬᠤ ᠦᠶᠡᠰ ᠠᠮᠠᠨ ᠳᠤ ᠤᠰᠤ ᠬᠢᠬᠦ ᠬᠥᠮᠥᠨ ᠲᠠᠢ︾ ᠭᠡᠳᠡᠭ᠃ ᠡᠶᠢᠮᠦ ᠤᠴᠢᠷ ᠠᠴᠠ ᠡᠷᠲᠡᠨ ᠤ | ᠮᠣᠩᠭᠤᠯᠴᠤᠳ ᠤᠰᠤ ᠤᠤᠭᠤ ᠭᠡᠬᠦ ᠶᠢ ᠴᠡᠭᠡᠷᠯᠡᠳᠡᠭ ᠪᠠᠶᠢᠵᠠᠢ᠃ ᠯᠠᠮᠠ ᠬᠤᠸᠠᠷᠠᠭ ᠬᠥᠮᠥᠰ ᠲᠤ ᠬᠤᠭᠤᠯᠠ ᠤᠮᠳᠠ ᠢᠳᠡ ᠤᠤᠭᠤ ᠭᠡᠵᠦ ᠰᠢᠭᠤᠳ ᠬᠡᠯᠡᠬᠦ ᠠᠴᠠ | ᠴᠡᠭᠡᠷᠯᠡᠨ᠂ ᠮᠠᠩᠵᠠ ᠴᠠᠪ ᠪᠠᠷᠢᠵᠤ ᠬᠠᠶᠢᠷᠠᠯᠠ᠂ ᠵᠣᠭᠤᠭ ᠵᠣᠭᠤᠭᠯᠠ ᠭᠡᠬᠦ ᠮᠡᠲᠦ ᠪᠠᠷ ᠬᠦᠨᠳᠦᠳᠬᠡᠯ ᠤᠨ ᠦᠭᠡ ᠪᠠᠷ ᠶᠠᠷᠢᠳᠠᠭ᠃ ᠮᠠᠯ ᠭᠠᠷᠭᠠᠬᠤ ︵ᠨᠢᠲᠤᠯᠬᠤ︶ | ᠳᠠᠭᠠᠨ ᠠᠯᠠᠨ᠎ᠠ ᠭᠡᠵᠦ ᠬᠡᠯᠡᠬᠦ ᠶᠢ ᠡᠷᠡᠰ ᠴᠡᠭᠡᠷᠯᠡᠳᠡᠭ᠃ ᠠᠯᠠᠬᠤ ᠶᠢᠨ ᠥᠭᠡᠷ᠎ᠡ ᠨᠡᠷᠡᠶᠢᠳᠦᠯ ᠨᠢ ︽ᠭᠠᠷᠭᠠᠬᠤ︾᠂ ︽ᠳᠦᠭᠦᠷᠭᠡᠬᠦ︾᠂ ︽ᠱᠥᠯᠥ ᠤᠤᠭᠤᠬᠤ︾᠂ | ︽ᠨᠢᠲᠤᠯᠬᠤ︾ ᠭᠡᠵᠦ ᠶᠠᠷᠢᠳᠠᠭ᠃ ᠠᠪᠠ ᠶᠢᠨ ᠶᠣᠰᠣᠨ ᠳᠤ ᠪᠣᠯ᠄ ︽ᠠᠪᠠᠯᠠᠬᠤ︾᠂ ︽ᠭᠥᠷᠥᠭᠡᠯᠡᠬᠦ︾᠂ ︽ᠪᠠᠷᠢᠬᠤ︾ ᠭᠡᠬᠦ ᠮᠡᠲᠦ ᠪᠠᠷ ᠶᠠᠷᠢᠳᠠᠭ᠃ ᠵᠡᠭᠦᠨ ᠣᠷᠣᠨ ᠤ | ᠣᠯᠠᠩᠬᠢ ᠮᠣᠩᠭᠤᠯᠴᠤᠳ᠄ ︽ᠱᠥᠯᠥ ᠤᠤᠭᠤᠬᠤ︾᠂ ︽ᠮᠠᠯ ᠵᠠᠷᠤᠬᠤ︾᠂ ︽ᠭᠠᠷᠭᠠᠬᠤ︾ ᠭᠡᠵᠦ ᠶᠠᠷᠢᠳᠠᠭ᠃ ᠭᠡᠶᠢᠴᠢᠨ ᠵᠣᠴᠢᠨ ᠳᠡᠭᠡᠨ ᠰᠢᠭᠤᠳ ︽ᠮᠢᠬ᠎ᠠ ᠢᠳᠡ︾ ᠭᠡᠵᠦ | ᠬᠡᠯᠡᠬᠦ ᠶᠢ ᠴᠡᠭᠡᠷᠯᠡᠳᠡᠭ᠃ ᠬᠠᠷᠢᠨ ︽ᠢᠳᠡᠭᠡ ᠵᠣᠭᠤᠭᠯᠠ︾᠂ ︽ᠱᠥᠯᠥ ᠤᠤᠭᠤ︾ ᠭᠡᠵᠦ ᠬᠡᠯᠡᠳᠡᠭ᠃ | | | |