ᠮᠣᠩᠭᠤᠯᠴᠤᠳ ᠡᠷᠲᠡ ᠦᠶ᠎ᠡ ᠳᠤ ᠠᠪᠤ ᠡᠵᠢ ᠦᠭᠡᠢ ᠪᠣᠯᠤᠭᠰᠠᠨ ᠪᠣᠯ ᠬᠦᠨᠳᠦᠳᠬᠡᠯ ᠦᠭᠡ ᠪᠠᠷ ︽ᠪᠤᠷᠬᠠᠨ︾ ᠪᠣᠯᠪᠠ ᠭᠡᠳᠡᠭ᠃ ᠬᠠᠭᠠᠳ ᠨᠣᠶᠠᠳ ᠦᠭᠡᠢ | ᠪᠣᠯᠤᠭᠰᠠᠨ ᠪᠣᠯ ᠬᠦᠨᠳᠦᠳᠬᠡᠯ ᠦᠭᠡ ᠪᠠᠷ ᠲᠠᠭᠠᠯᠠᠯ ᠲᠡᠭᠦᠰᠪᠡ ᠭᠡᠳᠡᠭ᠃ ᠭᠡᠭᠡᠨ ᠬᠤᠪᠢᠯᠭᠠᠨ ᠨᠠᠰᠤ ᠪᠠᠷᠠᠭᠰᠠᠨ ᠪᠣᠯ ᠬᠦᠨᠳᠦᠳᠬᠡᠯ ᠦᠭᠡ ᠪᠠᠷ ᠨᠢᠷᠸᠠᠨ ᠳᠦᠷᠢ | ᠦᠵᠡᠭᠦᠯᠪᠡ ᠭᠡᠳᠡᠭ ᠪᠠᠶᠢᠵᠠᠢ᠃ ᠬᠠᠷᠢᠨ ︽ᠦᠬᠦᠪᠡ︾ ᠭᠡᠵᠦ ᠬᠡᠯᠡᠬᠦ ᠶᠢ ᠡᠷᠡᠰ ᠴᠡᠭᠡᠷᠯᠡᠭᠰᠡᠭᠡᠷ ᠢᠷᠡᠵᠡᠢ᠃ ᠮᠣᠩᠭᠤᠯᠴᠤᠳ ᠨᠠᠰᠤᠲᠠᠨ ᠪᠤᠭᠤᠷᠤᠯᠴᠤᠳ ᠢ ︽ᠥᠨᠳᠥᠷ | ᠨᠠᠰᠤ ᠵᠣᠭᠤᠭᠯᠠᠪᠠ︾᠂ ︽ᠥᠨᠳᠥᠷ ᠨᠠᠰᠤᠨ ᠪᠤᠶᠠᠨ ᠬᠦᠷᠲᠡᠯ᠎ᠡ︾ ᠭᠡᠳᠡᠭ᠃ ᠬᠠᠷᠢᠨ ᠥᠨᠳᠥᠷ ᠨᠠᠰᠤᠯᠠᠪᠠ ᠭᠡᠵᠦ ᠬᠡᠯᠡᠬᠦ ᠶᠢ ᠴᠡᠭᠡᠷᠯᠡᠵᠦ ᠪᠠᠶᠢᠵᠠᠢ᠃ ᠥᠨᠳᠥᠷ | ᠨᠠᠰᠤᠯᠠᠭᠰᠠᠨ ᠬᠥᠮᠥᠨ ᠢ ︽ᠥᠨᠳᠥᠷ ᠨᠠᠰᠤ ᠬᠦᠷᠲᠡᠯ᠎ᠡ︾ ᠭᠡᠳᠡᠭ ᠨᠢ ︽ᠨᠠᠰᠤᠯᠠᠪᠠ︾ ᠭᠡᠵᠦ ᠬᠡᠯᠡᠬᠦ ᠠᠴᠠ ᠵᠠᠶᠢᠯᠠᠰᠬᠢᠭ᠍ᠰᠡᠨ ᠤᠴᠢᠷ ᠪᠣᠯᠬᠤ ᠶᠤᠮ᠃ ᠵᠠᠷᠢᠮ ᠨᠤᠲᠤᠭ ᠲᠤ | ᠥᠨᠳᠥᠷ ᠨᠠᠰᠤᠲᠠᠨ ᠬᠥᠮᠥᠰ ᠦᠨᠡᠨ ᠨᠠᠰᠤ ᠪᠠᠨ ᠶᠡᠷᠦ ᠠᠴᠠ ᠬᠡᠯᠡᠳᠡᠭ ᠦᠭᠡᠢ ᠵᠠᠩᠰᠢᠯ ᠲᠠᠢ᠂ ᠵᠠᠷᠢᠮ ᠨᠤᠲᠤᠭ ᠲᠤ ᠨᠠᠰᠤᠲᠠᠨ ᠬᠥᠮᠥᠰ ᠢ ︽ᠥᠲᠡᠯᠦᠯ᠎ᠡ︾ ᠭᠡᠵᠦ | ᠬᠡᠯᠡᠪᠡᠯ ᠶᠡᠬᠡᠯ᠎ᠡ ᠡᠪ ᠦᠭᠡᠶᠢᠷᠡᠵᠦ ᠳᠤᠷ᠎ᠠ ᠦᠭᠡᠶᠢᠴᠡᠳᠡᠭ ᠶᠤᠮ᠃ ᠬᠠᠷᠢᠨ ᠢᠳᠡᠷ ᠨᠠᠰᠤᠨ ᠳᠠᠭᠠᠨ ᠶᠠᠪᠤᠵᠤ ᠪᠠᠶᠢᠨ᠎ᠠ ᠭᠡᠪᠡᠯ ᠶᠡᠬᠡᠯ᠎ᠡ ᠪᠠᠶᠠᠷᠯᠠᠳᠠᠭ ᠵᠠᠩᠰᠢᠯ ᠲᠠᠢ᠃ | ᠮᠥᠨᠴᠦ ᠤᠨᠲᠠᠬᠤ ᠬᠡᠪᠲᠡᠬᠦ ᠶᠢ ᠤᠭ ᠦᠭᠡ ᠪᠠᠷ ᠨᠢ ᠬᠡᠯᠡᠬᠦ ᠦᠭᠡᠢ ᠵᠠᠩᠰᠢᠯ ᠲᠠᠢ᠃ ᠬᠠᠷᠢᠨ ︽ᠨᠣᠶᠢᠷᠰᠤᠬᠤ︾ ︽ᠠᠮᠠᠷᠠᠬᠤ︾ ︽ᠵᠢᠷᠭᠠᠬᠤ︾ ︽ᠬᠠᠵᠠᠭᠤᠯᠠᠬᠤ︾ ᠭᠡᠵᠦ | ᠬᠦᠨᠳᠦᠳᠬᠡᠯ ᠲᠠᠢ ᠶᠠᠷᠢᠳᠠᠭ᠃ ᠴᠠᠢ ᠤᠤᠭᠤ᠂ ᠬᠤᠭᠤᠯᠠ ᠢᠳᠡ ᠭᠡᠵᠦ ᠣᠯᠠᠩᠬᠢ ᠳᠠᠭᠠᠨ ᠬᠡᠯᠡᠳᠡᠭ ᠦᠭᠡᠢ᠃ ᠬᠠᠷᠢᠨ ︽ᠴᠠᠢ ᠬᠤᠭᠤᠯᠠ ᠵᠣᠭᠤᠭᠯᠠ︾ ᠭᠡᠵᠦ ᠶᠠᠷᠢᠳᠠᠭ᠃ | ᠢᠳᠡᠯ᠎ᠡ ᠰᠢᠦ᠂ ᠤᠤᠭᠤᠯ᠎ᠠ ᠰᠢᠦ ᠭᠡᠬᠦ ᠦᠭᠡ ᠶᠢ ︽ᠬᠦᠷᠲᠡᠪᠡ᠂ ᠬᠦᠷᠲᠡᠴᠢᠬᠡᠯᠡ︾᠂ ︽ᠵᠣᠭᠤᠭᠯᠠᠯᠠ︾ ᠭᠡᠵᠦ ᠬᠦᠨᠳᠦᠳᠬᠡᠨ ᠬᠡᠯᠡᠳᠡᠭ ᠶᠣᠰᠣ ᠲᠠᠢ᠃ ᠨᠠᠰᠤ ᠪᠠᠷᠠᠭᠰᠠᠨ | ᠬᠥᠮᠥᠨ ᠤ ᠬᠡᠭᠦᠷ ᠢ ᠲᠦᠯᠡᠬᠦ ᠰᠢᠲᠠᠭᠠᠬᠤ ᠭᠡᠵᠦ ᠬᠡᠯᠡᠬᠦ ᠶᠢ ᠴᠡᠭᠡᠷᠯᠡᠵᠦ ᠣᠯᠠᠩᠬᠢ ᠳᠠᠭᠠᠨ ︽ᠬᠠᠶᠢᠯᠭᠠᠬᠤ︾ ︽ᠳᠡᠭᠳᠡᠭᠡᠬᠦ︾ ᠭᠡᠵᠦ ᠬᠦᠨᠳᠦᠳᠬᠡᠨ ᠶᠠᠷᠢᠳᠠᠭ᠃ ᠬᠠᠮᠲᠤ | ᠶᠠᠪᠤᠬᠤ᠂ ᠬᠠᠮᠲᠤ ᠪᠠᠶᠢᠬᠤ᠂ ᠳᠠᠭᠠᠵᠤ ᠶᠠᠪᠤᠬᠤ ᠶᠢ ᠬᠦᠨᠳᠦᠳᠬᠡᠨ ︽ᠪᠠᠷ᠎ᠠ ᠪᠣᠯᠬᠤ︾ ᠭᠡᠵᠦ ᠶᠠᠷᠢᠳᠠᠭ᠃ ᠮᠠᠮᠠ ᠨᠠᠷ ᠲᠤ ᠬᠤᠭᠤᠯᠠ ᠤᠮᠳᠠ ᠪᠠᠷᠢᠬᠤ ᠳᠠᠭᠠᠨ ︽ᠮᠠᠩᠵᠠ᠂ | ᠴᠠᠪ︾ ᠭᠡᠵᠦ ᠬᠦᠨᠳᠦᠳᠬᠡᠨ ᠶᠠᠷᠢᠳᠠᠭ᠃ ᠤᠴᠠᠷᠠᠨ ᠵᠣᠯᠭᠠᠵᠤ ᠰᠠᠯᠤᠯᠴᠠᠬᠤ ᠦᠶᠡᠰ ︽ᠬᠠᠮᠤᠭ ᠰᠡᠭᠦᠯ ᠤᠨ ᠤᠳᠠᠭ᠎ᠠ ᠨᠢᠭᠤᠷ ᠤᠴᠠᠷᠠᠯ᠎ᠠ︾᠂ ︽ᠡᠴᠦᠰ ᠤᠨ ᠤᠳᠠᠭ᠎ᠠ | ᠵᠣᠯᠭᠠᠯ᠎ᠠ︾ ᠭᠡᠬᠦ ᠦᠭᠡᠰ ᠢ ᠴᠡᠭᠡᠷᠯᠡᠳᠡᠭ᠃ ᠶᠠᠷᠢᠶ᠎ᠠ ᠢᠯᠡᠳᠬᠡᠯ ᠬᠢᠭᠰᠡᠨ ᠴᠤ ︽ᠬᠠᠮᠤᠭ ᠰᠡᠭᠦᠯ ᠳᠤᠨᠢ︾᠂ ︽ᠡᠴᠦᠰ ᠲᠤᠨᠢ︾ ᠭᠡᠵᠦ ᠶᠠᠷᠢᠬᠤ ᠶᠢ ᠴᠡᠭᠡᠷᠯᠡᠳᠡᠭ᠃ | ᠮᠣᠩᠭᠤᠯ ᠬᠥᠮᠥᠨ ︽ᠦᠬᠦᠬᠦ︾ ᠪᠠ ︽ᠦᠭᠡᠢ︾ ᠶᠢ ᠴᠡᠭᠡᠷᠯᠡᠳᠡᠭ᠃ ᠡᠷᠲᠡᠨ ᠤ ᠦᠭᠡᠨ ᠳᠤ ︽ᠡᠳᠦᠷ ᠤᠨ ᠭᠤᠷᠪᠠ ᠦᠬᠦᠬᠦ ᠶᠢ ᠬᠡᠯᠡᠳᠡᠭ ᠦᠭᠡᠢ᠃ ᠡᠳᠦᠷ ᠤᠨ | ᠭᠤᠷᠪᠠ ᠦᠭᠡᠢ ᠶᠢ ᠶᠠᠷᠢᠳᠠᠭ ᠦᠭᠡᠢ︾ ᠭᠡᠳᠡᠭ ᠵᠦᠢᠷ ᠦᠭᠡ ᠪᠠᠶᠢᠳᠠᠭ᠃ ᠠᠷᠢᠬᠢ ᠶᠢ ᠰᠢᠭᠤᠳ ᠨᠡᠷ᠎ᠡ ᠶᠢ ᠨᠢ ᠬᠡᠯᠡᠬᠦ ᠶᠢ ᠴᠡᠭᠡᠷᠯᠡᠵᠦ ︽ᠰᠠᠷᠬᠤᠳ︾ ᠭᠡᠵᠦ | ᠬᠦᠨᠳᠦᠳᠬᠡᠨ ᠶᠠᠷᠢᠳᠠᠭ᠃ | ᠮᠣᠩᠭᠤᠯᠴᠤᠳ ᠤᠨ ᠡᠳᠦᠷ ᠲᠤᠲᠤᠮ ᠤᠨ ᠦᠭᠡ ᠶᠠᠷᠢᠶ᠎ᠠ᠂ ᠦᠢᠯᠡ ᠬᠥᠳᠡᠯᠭᠡᠭᠡᠨ ᠤ ᠳᠤᠮᠳᠠ ᠬᠡᠯᠡᠵᠦ ᠬᠡᠷᠡᠭᠯᠡᠵᠦ ᠪᠠᠶᠢᠳᠠᠭ ᠪᠣᠯᠪᠠᠴᠤ ᠣᠳᠣᠬᠠᠨ ᠳᠤ | ᠵᠢᠷᠤᠮᠯᠠᠳᠠᠭ᠂ ᠬᠡᠷᠡᠭᠯᠡᠳᠡᠭ ᠬᠥᠮᠥᠰ ᠬᠤᠪᠣᠷᠳᠠᠭᠠᠳ᠂ ᠰᠡᠳᠬᠢᠬᠦᠢ ᠡᠭᠡᠳᠡᠷᠡᠵᠦ᠂ ᠬᠡᠯᠡ ᠶᠠᠳᠠᠭᠤᠷᠠᠵᠤ᠂ ᠬᠤᠯᠢᠮᠠᠭ ᠬᠡᠯᠡ ᠣᠯᠠᠰᠢᠷᠠᠵᠤ᠂ ᠮᠣᠩᠭᠤᠯ ᠵᠠᠩ ᠳᠠᠳᠬᠠᠯ | ᠢᠪᠴᠤᠷᠠᠵᠤ ᠪᠠᠶᠢᠭ᠎ᠠ ᠨᠢ ᠲᠤᠶᠢᠯ ᠤᠨ ᠬᠠᠷᠠᠮᠰᠠᠯᠲᠠᠢ ᠰᠠᠨᠠᠭᠳᠠᠨ᠎ᠠ᠃ | | | |