ᠮᠣᠩᠭᠤᠯ ᠦᠨᠳᠦᠰᠦᠲᠡᠨ ᠤ ᠲᠡᠮᠡᠭᠡ ᠲᠡᠵᠢᠭᠡᠬᠦ ᠵᠠᠩ ᠦᠢᠯᠡ ᠪᠣᠯ ᠤᠯᠤᠰ ᠤᠨ ᠲᠡᠰ ᠤᠨ ᠪᠣᠳᠠᠰ ᠤᠨ ᠪᠤᠰᠤ ᠰᠣᠶᠣᠯ ᠤᠨ ᠥᠪ ᠪᠣᠯᠣᠨ᠎ᠠ᠃ ᠠᠯᠠᠱᠠ | ᠨᠤᠲᠤᠭ ᠪᠣᠯ ᠲᠡᠮᠡᠭᠡ ᠶᠢ ᠨᠡᠯᠢᠶᠡᠳ ᠲᠥᠪᠯᠡᠷᠡᠭᠦᠯᠦᠨ ᠲᠡᠵᠢᠭᠡᠵᠦ ᠪᠠᠶᠢᠭ᠎ᠠ ᠭᠠᠵᠠᠷ ᠣᠷᠣᠨ ᠪᠠᠶᠢᠵᠤ᠂ 5000 ᠭᠠᠷᠤᠢ ᠵᠢᠯ ᠤᠨ ᠲᠡᠮᠡᠭᠡ ᠭᠠᠷᠰᠢᠭᠤᠯᠤᠭᠰᠠᠨ | ᠲᠡᠦᠬᠡ ᠲᠠᠢ᠃ ᠤᠷᠳᠤ ᠤᠳᠠᠭᠠᠨ ᠲᠡᠦᠬᠡ ᠶᠢᠨ ᠶᠠᠪᠤᠴᠠ ᠳᠤ᠂ ᠠᠯᠠᠱᠠᠴᠤᠳ ᠲᠡᠮᠡᠭᠡ ᠲᠠᠢ ᠪᠠᠨ ᠬᠠᠮᠲᠤ ᠠᠵᠤ ᠲᠦᠷᠦᠵᠤ᠂ ᠲᠡᠮᠡᠭᠡ ᠲᠠᠢ ᠪᠠᠨ ᠬᠠᠮᠲᠤ ᠨᠡᠭᠦᠳᠡᠯᠯᠡᠵᠦ᠂ | ᠣᠷᠣᠰᠢᠨ ᠠᠮᠢᠳᠤᠷᠠᠬᠤ ᠳᠣᠲᠣᠨᠣ ᠬᠠᠨᠢ ᠪᠣᠯᠵᠠᠢ᠃ ᠡᠭᠦᠨ ᠪ᠊ ᠲᠥᠷᠥᠳᠡᠰᠦ ᠪᠣᠯᠤᠭᠰᠠᠨ ᠲᠡᠮᠡᠭᠡᠨ ᠰᠣᠶᠣᠯ ᠤᠨ ᠠᠭᠤᠯᠬᠤᠨ ᠡᠴᠢᠨ᠎ᠡ ᠭᠦᠨ ᠪᠠᠶᠢᠳᠠᠭ ᠤᠴᠢᠷᠲᠠᠢ᠃ | ᠵᠤᠨ ᠤ ᠰᠡᠭᠦᠯᠴᠢ ᠨᠠᠮᠤᠷ ᠤᠨ ᠡᠬᠢᠨ ᠤ ᠠᠯᠠᠱᠠ ᠨᠤᠲᠤᠭ ᠤᠨ ᠭᠤᠪᠢ ᠭᠡᠵᠦ ᠠᠭᠠᠭᠢᠮ᠎ᠠ ᠬᠠᠯᠠᠭᠤᠨ ᠪᠠᠶᠢᠵᠤ᠂ ᠬᠤᠯᠠ ᠶᠢᠨ ᠪᠠᠷ᠎ᠠ ᠭᠠᠵᠠᠷ ᠤᠨ ᠮᠠᠨᠠᠨ ᠳᠤ | ᠪᠥᠷᠲᠥᠯᠵᠡᠨ᠂ ᠬᠠᠳᠠ ᠴᠢᠯᠠᠭᠤᠨ ᠨᠠᠷᠠᠨ ᠪ᠊ ᠭᠡᠷᠡᠯ ᠢ ᠣᠶᠢᠯᠭᠠᠨ ᠭᠢᠯᠠᠰᠤᠨᠠ᠃ ᠪᠣᠯᠣᠳ ᠤᠨ ᠨᠤᠲᠤᠭ ᠪᠡᠯᠴᠢᠭᠡᠷ ᠨᠢ ᠠᠯᠠᠱᠠ ᠪᠠᠷᠠᠭᠤᠨ ᠬᠤᠰᠢᠭᠤᠨ ᠪ᠊ ᠠᠯᠲᠠᠨᠴᠤᠭ | ᠰᠤᠮᠤᠨ ᠪ᠊ ᠠᠯᠲᠠᠨᠲᠠᠯ᠎ᠠ ᠭᠠᠴᠠᠭᠠᠨ ᠳᠤ ᠪᠠᠶᠢᠳᠠᠭ᠃ ᠠᠳᠡᠬᠢ ᠭᠠᠵᠠᠷ ᠤᠨ ᠪᠠᠶᠢᠴᠠ ᠥᠷᠭᠡᠨ ᠠᠭᠤᠵᠢᠮ ᠪᠠᠶᠢᠵᠤ᠂ ᠲᠡᠮᠡᠭᠡ ᠢᠳᠡᠬᠦ ᠳᠤᠷᠠᠲᠠᠢ ᠰᠢᠷᠠᠯᠵᠢ᠂ ᠬᠤᠨᠢᠨ | ᠰᠢᠷᠠᠯᠵᠢ᠂ ᠴᠠᠭᠠᠨ ᠵᠠᠭ᠂ ᠵᠠᠭ ᠮᠣᠳᠣ᠂ ᠲᠡᠮᠡᠭᠡᠨ ᠥᠷᠭᠡᠰᠦ ᠠᠷᠠᠮᠠᠭ ᠲᠠᠷᠠᠮᠠᠭ ᠤᠷᠭᠤᠵᠠᠢ᠃ ᠠᠳᠡᠬᠢ ᠨᠢ ᠠᠯᠠᠱᠠ ᠳᠤ ᠨᠠᠷᠠᠲᠠᠢ ᠬᠤᠷᠳᠤᠨ ᠲᠡᠮᠡᠭᠡᠨ ᠪ᠊ ᠨᠤᠲᠤᠭ | ᠪᠠᠶᠢᠵᠤ᠂ ᠨᠠᠭᠠᠳᠤᠮ ᠳᠤ ᠲᠦᠷᠦᠭᠦᠯᠡᠳᠡᠭ ᠲᠡᠮᠡᠭᠡ ᠤᠯᠠᠨ ᠭᠠᠷᠳᠠᠭ ᠢᠶᠠᠷ ᠢᠶᠠᠨ ᠠᠯᠳᠠᠷᠰᠢᠵᠠᠢ᠃ ᠦᠳᠡ ᠬᠡᠯᠪᠡᠶᠢᠬᠦ ᠦᠶ᠎ᠡ ᠪᠠᠷ ᠪᠣᠯᠣᠳ ᠵᠤᠷᠰᠢᠯ ᠶᠣᠰᠣᠭᠠᠷ | ᠬᠤᠳᠳᠤᠭ ᠤᠨ ᠬᠠᠵᠠᠭᠤ ᠳᠤ ᠢᠷᠠᠵᠤ᠂ ᠲᠡᠮᠡᠭᠡᠳ ᠨᠢ ᠭᠤᠷᠪᠠ ᠲᠠᠪᠤ ᠪᠠᠷ ᠴᠤᠪᠤᠷᠠᠯᠳᠤᠨ ᠢᠷᠠᠵᠤ ᠤᠰᠤ ᠤᠤᠭᠤᠬᠤ ᠶᠢ ᠬᠠᠷᠠᠵᠤ ᠵᠣᠭᠰᠣᠨ᠎ᠠ᠃ ᠭᠤᠪᠢ | ᠨᠤᠲᠤᠭ᠋ ᠲᠤ 4G ᠰᠦᠯᠵᠢᠶ᠎ᠡ ᠲᠠᠢ ᠪᠣᠯᠤᠭᠰᠠᠨ ᠠᠴᠠ ᠲᠠᠷᠠ ᠬᠤᠳᠳᠤᠭ ᠳᠡᠭᠡᠷ᠎ᠡ ᠪᠠᠨ ᠨᠠᠷᠠᠨ ᠡᠨᠧᠷᠭᠢ ᠶᠢᠨ ᠴᠠᠭᠢᠯᠭᠠᠨ ᠭᠠᠷᠭᠠᠭᠤᠷ᠂ ᠳ᠋ᠢᠶᠠᠨ ᡂᠢ᠂ ᠨᠠᠷᠠᠨ ᠡᠨᠧᠷᠭᠢ᠂ | ᠴᠠᠭᠢᠯᠭᠠᠨ ᠬᠤᠷᠢᠶᠠᠭᠤᠷ᠂ ᠤᠰᠤᠨ ᠬᠥᠭᠡᠷᠭᠡ ᠪᠣᠯᠣᠨ ᠠᠦ᠋ᠲ᠋ᠣᠴᠢᠯᠠᠭᠰᠠᠨ ᠲᠤᠨᠤᠭ ᠲᠥᠬᠦᠭᠡᠷᠦᠮᠵᠢ ᠤᠭᠰᠠᠷᠠᠵᠤ᠂ ᠭᠠᠷ ᠤᠲᠠᠰᠤ ᠪᠠᠷ ᠢᠶᠠᠨ ᠠᠯᠤᠰ ᠠᠴᠠ ᠡᠵᠡᠮᠳᠡᠨ | ᠤᠰᠤ ᠲᠠᠲᠠᠭᠠᠳ ᠮᠠᠯ ᠢᠶᠠᠨ ᠤᠰᠤᠯᠠᠴᠢᠬᠠᠳᠠᠭ ᠪᠣᠯᠵᠠᠢ᠃ ᠥᠩᠭᠡᠷᠡᠭᠰᠡᠨ ᠳᠤ ᠲᠡᠷᠡ ᠦᠷᠭᠦᠯᠵᠢ ᠠᠪᠤ ᠡᠵᠢ ᠪᠠᠨ ᠲᠠᠭᠠᠭᠠᠳ ᠬᠤᠳᠳᠤᠭ ᠳᠡᠭᠡᠷ᠎ᠡ ᠬᠤᠪᠣᠭᠤ ᠪᠠᠷ | ᠤᠰᠤ ᠲᠠᠲᠠᠵᠤ ᠲᠡᠮᠡᠭᠡ ᠪᠠᠨ ᠤᠰᠤᠯᠠᠵᠤ᠂ ᠲᠡᠮᠡᠭᠡᠳ ᠤᠨ ᠤᠰᠤ ᠤᠤᠭᠤᠬᠤ ᠶᠢ ᠬᠠᠷᠠᠬᠤ ᠪᠠᠷ ᠳᠣᠲᠣᠷ᠎ᠠ ᠨᠢ ᠰᠡᠷᠭᠦᠵᠦ᠂ 13 ᠨᠠᠰᠤᠨ ᠳᠠᠭᠠᠨ ᠠᠪᠤ ᠡᠵᠢ ᠪᠠᠨ | ᠬᠠᠪᠰᠤᠷᠴᠤ ᠠᠵᠢᠯ ᠬᠢᠳᠡᠭ ᠪᠣᠯᠤᠭᠰᠠᠨ ᠳᠠᠭᠠᠨ ᠣᠮᠣᠭᠰᠢᠳᠠᠭ ᠪᠠᠶᠢᠯ᠎ᠠ᠃ | ᠪᠤᠤᠷ᠎ᠠ ᠰᠣᠩᠭᠤᠬᠤ | ᠶᠡᠷᠦ ᠨᠢ ᠲᠡᠮᠡᠭᠡ ᠤᠰᠤᠯᠠᠬᠤ ᠪᠠ ᠲᠡᠮᠡᠭᠡ ᠬᠠᠶᠢᠴᠢᠯᠠᠬᠤ ᠠᠴᠠ ᠭᠠᠳᠠᠨ᠎ᠠ ᠲᠡᠮᠡᠭᠡᠴᠢᠳ ᠲᠡᠮᠡᠭᠡ ᠪᠠᠨ ᠣᠯᠵᠤ ᠬᠠᠷᠠᠳᠠᠭ ᠦᠭᠡᠢ᠃ ᠲᠡᠮᠡᠭᠡᠨ ᠰᠦᠷᠦᠭ | ᠬᠡᠭᠡᠷ᠎ᠡ ᠪᠡᠯᠴᠢᠬᠦ ᠳᠡᠭᠡᠨ ᠬᠤᠷᠤᠭ᠎ᠠ ᠬᠠᠰᠢᠶᠠᠨ ᠠᠴᠠ ᠪᠠᠨ ᠲᠠᠪᠤ ᠵᠢᠷᠭᠤᠭᠠᠨ ᠺᠢᠯᠣᠮᠧᠲᠷ ᠵᠠᠶᠢᠲᠠᠢ ᠭᠠᠷᠤᠭᠠᠳ ᠰᠠᠶ᠋ᠢ ᠢᠳᠡᠰᠢᠯᠡᠳᠡᠭ᠃ ᠬᠤᠷᠣᠭᠠᠨ ᠤ ᠣᠶᠢᠷᠠᠯᠴᠠᠭᠠᠬᠢ | ᠡᠪᠡᠰᠦ ᠶᠢ ᠢᠳᠡᠳᠡᠭ ᠦᠭᠡᠢ᠂ ᠲᠡᠮᠡᠭᠡ ᠪᠣᠯᠣᠨ ᠲᠡᠮᠡᠭᠡᠴᠢᠨ ᠢᠨᠬᠭᠢᠵᠤ ᠭᠡᠷ ᠣᠷᠣᠨ ᠢᠶᠠᠨ ᠬᠠᠶᠢᠷᠠᠯᠠᠨ ᠬᠠᠮᠠᠭᠠᠯᠠᠳᠠᠭ ᠤᠴᠢᠷᠲᠠᠢ᠃ ᠪᠣᠯᠣᠳ ᠤᠨ ᠴᠡᠭᠡᠵᠢᠯᠡᠵᠦ | ᠪᠠᠶᠢᠬᠤ ᠪᠠᠷ᠂ ᠵᠢᠯ ᠤᠨ ᠥᠩᠭᠡ ᠰᠠᠶᠢᠨ ᠦᠶᠡᠰ ᠲᠡᠳᠡᠨᠡᠶᠢᠬᠢᠨ ᠬᠠᠮᠤᠭ ᠤᠨ ᠤᠯᠠᠨ ᠳᠠᠭᠠᠨ 100 ᠭᠠᠷᠤᠢ ᠲᠡᠮᠡᠭᠡ ᠲᠠᠢ ᠪᠠᠶᠢᠪᠠ᠃ ᠲᠡᠮᠡᠭᠡ ᠶᠡᠷᠦ ᠳᠡᠭᠡᠨ ᠡᠪᠦᠯ ᠴᠠᠭ | ᠣᠷᠤᠭ᠎ᠠ ᠣᠷᠣᠳᠠᠭ᠂ ᠣᠷᠣᠭᠰᠠᠨ ᠪᠤᠤᠷ᠎ᠠ ᠮᠠᠰᠢ ᠲᠤᠬᠰᠢᠨ ᠪᠠᠶᠢᠵᠤ᠂ ᠰᠦᠷᠦᠭ ᠲᠡᠭᠡᠨ ᠶᠡᠷᠦ ᠥᠭᠡᠷ᠎ᠡ ᠪᠤᠤᠷ᠎ᠠ ᠶᠢ ᠬᠠᠪᠢᠳᠠᠭᠤᠯᠳᠠᠭ ᠦᠭᠡᠢ᠃ ᠪᠤᠤᠷ᠎ᠠ ᠶᠢᠨ | ᠬᠤᠭᠤᠷᠣᠨᠳᠤ ᠦᠬᠦᠵᠦ ᠰᠡᠭᠡᠭᠦ ᠲᠡᠮᠡᠴᠡᠭᠡᠨ ᠪᠣᠯᠵᠤ᠂ ᠵᠠᠪᠠᠯ ᠨᠢᠭᠡ ᠨᠢ ᠢᠯᠠᠵᠤ᠂ ᠨᠦᠭᠦᠭᠡ ᠪᠠᠨ ᠬᠠᠷᠢ ᠬᠤᠯᠠ ᠲᠠᠭᠤᠵᠤ ᠶᠠᠪᠤᠭᠤᠯᠤᠭᠠᠳ ᠰᠠᠶ᠋ᠢ ᠲᠡᠮᠡᠴᠡᠭᠡᠨ | ᠳᠠᠭᠤᠰᠳᠠᠭ᠃ | ᠪᠤᠤᠷ᠎ᠠ ᠰᠣᠩᠭᠤᠵᠤ ᠪᠣᠶᠢᠵᠢᠭᠤᠯᠬᠤ ᠪᠣᠯ ᠲᠡᠮᠡᠭᠡᠴᠢᠨ ᠬᠥᠮᠥᠨ ᠪ᠊ ᠨᠢᠭᠡᠨ ᠲᠣᠮᠣ ᠰᠢᠯᠭᠠᠯᠲᠠ ᠮᠥᠨ᠃ ᠪᠠᠰᠠᠴᠤ ᠲᠡᠮᠡᠭᠡᠨ ᠰᠦᠷᠦᠭ ᠤᠨ ᠮᠠᠨᠳᠤᠯ | ᠪᠠᠭᠤᠷᠠᠯ ᠲᠠᠢ ᠬᠤᠯᠪᠣᠭᠳᠠᠬᠤ ᠵᠠᠨᠬᠭᠢᠯᠠᠭᠠ ᠶᠢᠨ ᠠᠰᠠᠭᠤᠳᠠᠯ ᠪᠣᠯᠣᠨ᠎ᠠ᠃ ᠲᠡᠮᠡᠭᠡᠨ ᠰᠦᠷᠦᠭ ᠲᠠᠬᠢ ᠬᠠᠭᠤᠴᠢᠨ ᠪᠤᠤᠷ᠎ᠠ 20 ᠨᠠᠰᠤ ᠶᠢ ᠬᠡᠲᠦᠷᠡᠭᠰᠡᠨ ᠪᠠᠶᠢᠪᠠᠯ ᠰᠢᠨ᠎ᠡ | ᠪᠤᠤᠷ᠎ᠠ ᠶᠢ ᠰᠣᠩᠭᠤᠨ ᠪᠣᠶᠢᠵᠢᠭᠤᠯᠬᠤ ᠬᠡᠷᠡᠭᠲᠡᠢ ᠪᠤᠯᠳᠠᠭ᠃ ᠬᠤᠶᠠᠷ ᠭᠤᠷᠪᠠᠨ ᠨᠠᠰᠤᠲᠠᠢ ᠬᠠᠷᠠᠬᠠᠨ ᠠᠭᠲᠠᠯᠠᠭᠠ ᠦᠭᠡᠢ ᠲᠣᠷᠤᠮ ᠲᠦᠢᠯᠤᠭ ᠤᠨ ᠳᠤᠮᠳᠠ ᠠᠴᠠ | ᠢᠷᠡᠭᠡᠳᠦᠢ ᠶᠢᠨ ᠪᠤᠤᠷ᠎ᠠ ᠶᠢ ᠰᠢᠯᠢᠵᠦ ᠰᠣᠩᠭᠤᠨ᠎ᠠ᠂ ᠰᠣᠩᠭᠤᠬᠤ ᠳᠠᠭᠠᠨ ᠡᠬᠡ ᠢᠩᠭᠡᠨ ᠪ᠊ ᠬᠢᠨᠢ ᠰᠦ ᠶᠢᠨ ᠭᠠᠷᠤᠯᠲᠠ ᠶᠢ ᠦᠵᠡᠬᠦ ᠶᠢᠨ ᠬᠠᠮᠲᠤ ᠪᠠᠰᠠ ᠲᠤᠰ | ᠪᠣᠲᠣᠭᠤᠨ ᠪ᠊ ᠬᠤᠣᠰ ᠪᠦᠭᠦ ᠨᠢ ᠰᠦᠷᠯᠢᠭ ᠰᠠᠶᠢᠬᠠᠨ᠂ ᠨᠣᠣᠰᠣᠨ ᠪ᠊ ᠬᠢᠨᠢ ᠥᠩᠭᠡ ᠨᠢ ᠲᠥᠪ ᠰᠠᠶᠢᠬᠠᠨ ᠪᠠᠶᠢᠬᠤ᠂ ᠨᠣᠣᠯᠣᠭᠤᠷ ᠨᠢ ᠵᠤᠵᠠᠭᠠᠨ ᠮᠥᠷᠲᠡᠭᠡᠨ | ᠵᠥᠭᠡᠯᠡᠨ᠂ ᠲᠦᠷᠪᠡᠨ ᠮᠥᠴᠢ ᠨᠢ ᠬᠦᠳᠡᠷᠯᠢᠭ ᠪᠠᠶᠢᠬᠤ᠂ ᠬᠦᠵᠦᠭᠦᠦ ᠨᠢ ᠡᠪᠯᠢᠭ᠂ ᠥᠩᠭᠡ ᠵᠢᠰᠦᠮ ᠨᠢ ᠰᠠᠶᠢᠬᠠᠨ ᠪᠠᠶᠢᠬᠤ ᠡᠰᠡᠬᠦ ᠶᠢ ᠪᠦᠷ ᠰᠢᠯᠭᠠᠨ ᠪᠠᠶᠢᠴᠠᠭᠠᠵᠤ᠂ | ᠬᠢᠷᠢ ᠲᠡᠩᠴᠡᠪᠡᠯ ᠰᠠᠶ᠋ᠢ ᠰᠣᠩᠭᠤᠭᠳᠠᠳᠠᠭ᠃ ᠡᠰᠡ ᠰᠣᠩᠭᠤᠭᠳᠠᠭᠰᠠᠨ ᠡᠷ᠎ᠡ ᠪᠣᠲᠣᠭᠤ ᠶᠢ ᠪᠠᠷᠤᠭ ᠪᠦᠷ ᠠᠭᠲᠠᠯᠠᠵᠤ᠂ ᠤᠨᠤᠯᠭ᠎ᠠ ᠠᠴᠢᠯᠭ᠎ᠠ ᠳᠤ ᠬᠡᠷᠡᠭᠯᠡᠬᠦ ᠪᠤᠶᠤ | ᠤᠷᠤᠯᠳᠤᠭᠠᠨ ᠪ᠊ ᠲᠡᠮᠡᠭᠡ ᠪᠣᠯᠭᠠᠳᠠᠭ᠃ ᠢᠩᠭᠡᠨ ᠲᠡᠮᠡᠭᠡᠳ ᠨᠢ ᠰᠦ᠂ ᠨᠣᠣᠰᠣᠨ ᠪ᠊ ᠠᠰᠢᠭ ᠰᠢᠮ᠎ᠡ ᠪᠠᠨ ᠥᠭᠬᠦ ᠵᠢᠴᠢ ᠬᠤᠶᠢᠴᠢ ᠦᠶ᠎ᠡ ᠪᠠᠨ ᠦᠷᠡᠵᠢᠭᠦᠯᠬᠦ | ᠡᠭᠦᠷᠭᠡ ᠲᠠᠢ᠃ | | |