ᠲᠡᠮᠡᠭᠡ ᠰᠤᠷᠭᠠᠬᠤ ᠪᠣᠯ ᠲᠡᠮᠡᠭᠡᠨ ᠪ᠊ ᠥᠰᠦᠯᠲᠡ ᠪᠤᠶᠢᠵᠢᠯᠳᠠ ᠶᠢᠨ ᠶᠠᠪᠤᠴᠠ ᠳᠤᠮᠳᠠᠬᠢ ᠡᠷᠬᠡᠪᠰᠢ ᠥᠩᠭᠡᠷᠡᠭᠦᠯᠬᠦ ᠨᠢᠭᠡᠨ ᠶᠠᠪᠤᠴᠠ ᠮᠥᠨ᠃ ᠰᠤᠷᠭᠠᠭᠰᠠᠨ | ᠦᠭᠡᠢ ᠲᠡᠮᠡᠭᠡᠳ ᠨᠢ ᠶᠠᠮᠠᠷᠴᠤ ᠬᠡᠷᠡᠭᠴᠡᠭᠡ ᠦᠭᠡᠢ ᠵᠡᠷᠯᠢᠭ ᠲᠡᠮᠡᠭᠡ ᠪᠤᠯᠳᠠᠭ᠃ ᠪᠣᠯᠣᠳ ᠤᠨ ᠡᠪᠦᠭᠡ ᠪᠣᠯ ᠬᠤᠯᠠ ᠣᠶᠢᠷ᠎ᠠ ᠳᠠᠭᠠᠨ ᠠᠯᠳᠠᠷᠲᠠᠢ ᠲᠡᠮᠡᠭᠡ ᠰᠤᠷᠭᠠᠭᠴᠢ | ᠪᠠᠶᠢᠵᠤ᠂ ᠶᠠᠮᠠᠷ ᠵᠡᠷᠭᠡ ᠶᠢᠨ ᠬᠡᠴᠡᠭᠦᠦ ᠲᠡᠮᠡᠭᠡ ᠶᠢ ᠴᠤ ᠨᠣᠮᠣᠬᠠᠨ ᠪᠣᠯᠭᠠᠴᠢᠬᠠᠳᠠᠭ ᠡᠷᠳᠡᠮ ᠲᠠᠢ᠃ ᠡᠶᠡᠯᠳᠡᠭ ᠳᠠᠷᠤᠤ ᠵᠠᠩ ᠲᠠᠢ ᠡᠨᠡ ᠨᠠᠰᠤᠲᠠᠨ ᠲᠡᠮᠡᠭᠡ | ᠰᠤᠷᠭᠠᠬᠤ ᠳᠠᠭᠠᠨ ᠶᠡᠷᠦ ᠬᠠᠷᠠᠳᠠᠵᠤ ᠵᠣᠳᠣᠳᠠᠭ ᠦᠭᠡᠢ᠃ ᠲᠠᠷᠠ ᠡᠭᠡᠭᠡ ᠯᠠ ᠪᠠᠶᠢᠭᠠᠯᠢ ᠳᠡᠯᠡᠬᠡᠢ ᠲᠠᠢ ᠭᠡᠯᠡ ᠨᠡᠪᠲᠡᠷᠡᠳᠡᠭ ᠰᠢᠳᠢ ᠲᠠᠢ ᠰᠢᠭ ᠬᠢᠵᠠᠭᠠᠯᠠᠰᠢ ᠦᠭᠡᠢ | ᠲᠡᠰᠪᠦᠷᠢ ᠲᠡᠪᠴᠢᠶᠡᠷᠢ ᠪᠠᠷ ᠲᠡᠳᠡᠭᠡᠷ ᠵᠢᠭᠠᠬᠠᠨ ᠠᠮᠢᠲᠠᠳ ᠲᠤ ᠬᠠᠨᠳᠤᠵᠤ᠂ ᠨᠡᠷ᠎ᠡ ᠪᠠᠷ ᠨᠢ ᠦᠭᠦᠭᠡᠷᠳᠦᠨ ᠳᠠᠭᠤᠳᠠᠵᠤ᠂ ᠥᠨᠢ ᠡᠷᠲᠡᠨ ᠤ ᠦᠯᠢᠭᠡᠷ ᠲᠤᠮᠤᠭ ᠢ | ᠶᠠᠷᠢᠵᠤ ᠥᠭᠬᠦ ᠡᠰᠡᠬᠦᠯ᠎ᠡ ᠤᠷᠳᠤ ᠶᠢᠨ ᠳᠠᠭᠤᠤ ᠳᠠᠭᠤᠯᠠᠵᠤ ᠥᠭᠬᠦ ᠵᠡᠷᠭᠡ ᠪᠠᠷ ᠲᠡᠳᠡᠨᠡᠷ ᠢ ᠲᠠᠶᠢᠪᠤᠰᠢᠷᠠᠭᠤᠯᠵᠤ᠂ ᠦᠰᠦ ᠨᠣᠣᠰᠣ᠂ ᠬᠠᠮᠠᠷ ᠠᠮᠠ ᠶᠢ ᠨᠢ ᠢᠯᠢᠨ᠂ | ᠪᠠᠷᠠᠭᠤᠨ ᠡᠪᠦᠳᠦᠭ ᠤᠨ ᠬᠢᠨᠢ ᠳᠣᠣᠭᠤᠷ ᠳᠡᠭᠡᠰᠦ ᠪᠠᠷ ᠤᠶᠠᠵᠤ᠂ ᠨᠦᠭᠦᠭᠡ ᠦᠵᠦᠭᠦᠷ ᠢ ᠨᠢ ᠬᠤᠣᠰ ᠪᠦᠭᠦ ᠶᠢᠨ ᠬᠢᠨᠢ ᠳᠤᠮᠳᠠᠭᠤᠷ ᠲᠠᠲᠠᠭᠠᠳ ᠭᠠᠷ ᠲᠠᠭᠠᠨ | ᠣᠷᠢᠶᠠᠭᠠᠳ᠂ ᠳᠡᠭᠡᠰᠦ ᠪᠠᠨ ᠲᠠᠲᠠᠬᠤ᠂ ᠲᠠᠯᠪᠢᠬᠤ ᠪᠠᠷ ᠳᠣᠬᠢᠶ᠎ᠠ ᠪᠣᠯᠭᠠᠨ ᠲᠡᠮᠡᠭᠡᠳ ᠲᠤ ᠰᠥᠭᠦᠳᠬᠦ᠂ ᠪᠤᠰᠬᠤ ᠲᠠᠭᠢᠨ ᠰᠥᠭᠦᠳᠬᠦ ᠲᠠᠭᠢᠨ ᠪᠤᠰᠬᠤ ᠶᠢ ᠰᠤᠷᠭᠠᠬᠤ ᠪᠠᠷ | ᠳᠠᠮᠵᠢᠭᠤᠯᠤᠨ ᠡᠵᠡᠨ ᠨᠢ ᠬᠢᠨᠢ ᠰᠠᠨᠠᠭ᠎ᠠ ᠶᠢ ᠮᠡᠳᠡᠭᠦᠯᠳᠡᠭ ᠠᠵᠢ᠃ ᠰᠠᠶᠢᠨ ᠰᠤᠷᠭᠠᠭᠰᠠᠨ ᠠᠳᠠᠨ ᠲᠡᠮᠡᠭᠡ ᠡᠵᠡᠨ ᠤ ᠪᠠᠨ ᠰᠠᠨᠠᠭ᠎ᠠ ᠶᠢ ᠠᠯᠳᠠᠯ ᠦᠭᠡᠢ ᠮᠡᠳᠡᠵᠤ᠂ | ᠲᠣᠬᠤᠮ ᠲᠤᠬᠤᠬᠤ ᠪᠠᠷ ᠰᠥᠭᠦᠳᠴᠦ᠂ ᠡᠵᠡᠨ ᠨᠢ ᠮᠣᠷᠳᠠᠭᠰᠠᠨ ᠬᠤᠶᠢᠨ᠎ᠠ ᠪᠣᠰᠴᠤ ᠠᠶᠠᠯᠠᠨ᠂ ᠵᠣᠷᠢᠭᠰᠠᠨ ᠭᠠᠵᠠᠷ ᠢᠶᠠᠨ ᠬᠦᠷᠬᠦ ᠪᠠᠷ ᠪᠠᠰᠠ ᠰᠥᠭᠦᠳᠴᠦ᠂ | ᠡᠵᠡᠨ᠋ ᠢᠶᠠᠨ ᠪᠠᠭᠤᠯᠭᠠᠳᠠᠭ᠃ ᠲᠡᠮᠡᠭᠡᠳ ᠢ ᠢᠩᠭᠢᠵᠦ ᠤᠨᠤᠯᠭ᠎ᠠ ᠭᠦᠯᠯᠡᠭᠡᠨ ᠳᠤ ᠰᠤᠷᠭᠠᠳᠠᠭ ᠶᠤᠮᠰᠠᠨᠵᠠᠢ᠃ | ᠠᠯᠠᠱᠠ ᠠᠶᠢᠮᠠᠭ ᠤᠨ ᠠᠯᠠᠱᠠ ᠵᠡᠭᠦᠨ ᠬᠤᠰᠢᠭᠤᠨ ᠪ᠊ ᠤᠮᠠᠷᠠᠲᠤ ᠬᠡᠰᠡᠭ ᠤᠨ ᠰᠤᠮᠤ᠂ ᠠᠯᠠᠱᠠ ᠪᠠᠷᠠᠭᠤᠨ ᠬᠤᠰᠢᠭᠤ᠂ ᠡᠵᠡᠨ᠎ᠡ ᠬᠤᠰᠢᠭᠤ ᠪᠠᠷ ᠲᠡᠮᠡᠭᠡ | ᠡᠯᠪᠡᠭ ᠮᠠᠯᠵᠢᠳᠠᠭ᠃ ᠠᠳᠡ ᠤᠷᠳᠤ ᠤᠳᠠᠭᠠᠨ ᠲᠡᠮᠡᠭᠡ ᠮᠠᠯᠵᠢᠭᠰᠠᠨ ᠲᠡᠦᠬᠡ ᠲᠠᠢ ᠪᠠᠶᠢᠵᠤ᠂ ᠲᠡᠮᠡᠭᠡᠨ ᠰᠣᠶᠣᠯ ᠢ ᠦᠶ᠎ᠡ ᠤᠯᠠᠷᠢᠨ ᠠᠮᠠ ᠪᠠᠷ ᠤᠯᠠᠮᠵᠢᠯᠠᠭᠰᠠᠨ | ᠪᠠᠶᠢᠳᠠᠭ᠃ ᠢᠩᠭᠡ ᠪᠣᠲᠣᠭᠤᠯᠠᠬᠤ ᠨᠢ ᠲᠡᠮᠡᠭᠡᠴᠢᠨ ᠠᠶᠢᠯ ᠳᠤ ᠠᠪᠴᠤ ᠬᠡᠯᠡᠪᠡᠯ ᠲᠣᠮᠣ ᠪᠠᠶᠠᠷ ᠪᠠᠶᠢᠵᠤ᠂ ᠪᠣᠲᠣᠭᠤᠨ ᠪ᠊ ᠲᠤᠭ᠎ᠠ ᠶᠢᠨ ᠨᠡᠮᠡᠭᠳᠡᠯ ᠨᠢ ᠲᠡᠳᠡᠨᠡᠷ ᠤᠨ | ᠡᠳ᠋ ᠬᠥᠷᠥᠩᠭᠡ ᠶᠢᠨ ᠨᠡᠮᠡᠭᠳᠡᠯ᠂ ᠠᠳᠠᠯ ᠠᠮᠢᠳᠤᠷᠠᠯ ᠤᠨ ᠴᠢᠨᠡᠭᠡᠯᠢᠭᠵᠢᠯ ᠢ ᠬᠠᠷᠠᠭᠤᠯᠳᠠᠭ᠃ ᠲᠡᠮᠡᠭᠡᠴᠢᠳ ᠪᠣᠲᠣᠭᠤ ᠪᠠᠨ ᠰᠠᠶᠢᠬᠠᠨ ᠨᠡᠷᠡᠯᠡᠵᠤ ᠪᠡᠯᠭᠡᠰᠢᠶᠡᠨ ᠳᠠᠭᠤᠳᠠᠳᠠᠭ᠃ | ᠡᠬᠡ ᠪᠠᠨ ᠲᠠᠭᠠᠵᠤ ᠶᠠᠪᠤᠭᠠᠳ ᠠᠳᠡᠯ ᠣᠰᠣᠯ ᠭᠠᠷᠬᠤ ᠠᠴᠠ ᠬᠢᠴᠢᠶᠡᠵᠦ᠂ ᠪᠣᠲᠣᠭᠤ ᠪᠠᠨ ᠬᠤᠷᠣᠭᠠᠨ ᠳᠤᠨᠢ ᠤᠶᠠᠵᠤ ᠲᠠᠯᠪᠢᠨ᠎ᠠ᠃ ᠪᠡᠯᠴᠢᠭᠡᠷᠯᠡᠵᠦ ᠶᠠᠪᠤᠭᠰᠠᠨ | ᠢᠩᠭᠡ ᠬᠡᠳᠦᠢ ᠬᠤᠯᠠ ᠶᠠᠪᠤᠭᠰᠠᠨ ᠴᠤ ᠬᠡᠵᠢᠶᠡᠳᠡ ᠲᠣᠭᠲᠠᠭᠰᠠᠨ ᠴᠠᠭ ᠲᠠᠭᠠᠨ ᠪᠤᠴᠠᠵᠤ ᠢᠷᠡᠭᠡᠳ ᠪᠣᠲᠣᠭᠤ ᠪᠠᠨ ᠬᠥᠬᠦᠭᠦᠯᠳᠡᠭ᠃ ᠪᠣᠲᠣᠭᠤ ᠶᠢ ᠦᠷᠭᠦᠯᠵᠢ | ᠨᠡᠷᠡᠯᠡᠨ ᠳᠠᠭᠤᠳᠠᠵᠤ᠂ ᠦᠭᠦᠭᠡᠷᠳᠦᠨ ᠬᠠᠶᠢᠷᠠᠯᠠᠵᠤ᠂ ᠬᠠᠮᠲᠤ ᠨᠠᠭᠠᠳᠤᠨ ᠲᠣᠭᠯᠠᠵᠤ᠂ ᠤᠰᠤᠯᠠᠵᠤ ᠡᠪᠡᠰᠦᠯᠡᠬᠦ ᠶᠢᠨ ᠤᠯᠠᠮ ᠠᠴᠠ ᠪᠣᠲᠣᠭᠤ ᠡᠵᠡᠨ ᠳᠡᠭᠡᠨ ᠨᠢᠭᠡᠮᠦᠰᠦᠨ | ᠳᠠᠳᠴᠤ᠂ ᠬᠤᠶᠠᠷ ᠭᠤᠷᠪᠠᠨ ᠨᠠᠰᠤᠯᠠᠭᠠᠳ ᠵᠡᠷᠯᠢᠭ ᠴᠢᠨᠠᠷ ᠨᠢ ᠢᠯᠡᠷᠡᠯ᠎ᠡ ᠴᠤ ᠰᠤᠷᠭᠠᠬᠤ ᠳᠤ ᠲᠠᠶᠢᠮᠦ ᠬᠦᠴᠢᠷ ᠪᠢᠰᠢ ᠪᠤᠯᠳᠠᠭ᠃ ᠲᠡᠮᠡᠭᠡ ᠮᠠᠰᠢ ᠰᠡᠷᠭᠦᠯᠡᠩ ᠠᠮᠢᠳᠠᠨ | ᠪᠠᠶᠢᠵᠤ᠂ ᠡᠵᠡᠨ᠋ ᠲᠠᠢ ᠪᠠᠨ ᠳᠠᠳᠴᠤ᠂ ᠡᠵᠡᠨ ᠳᠡᠭᠡᠨ ᠠᠯᠢᠪᠠ ᠪᠠᠨ ᠵᠣᠷᠢᠭᠤᠯᠳᠠᠭ᠃ | m ᠡᠵᠡᠨ ᠤ ᠪᠠᠨ ᠤᠨᠤᠭ᠎ᠠ ᠪᠤᠯᠬᠤ ᠨᠢ ᠲᠡᠮᠡᠭᠡᠨ ᠳᠤ ᠠᠪᠴᠤ ᠬᠡᠯᠡᠪᠡᠯ ᠮᠠᠰᠢ ᠥᠩᠭᠡ ᠭᠡᠷᠡᠯᠲᠡᠢ ᠡᠭᠦᠷᠭᠡ ᠪᠣᠯᠣᠨ᠎ᠠ᠃ ᠡᠵᠡᠨ ᠨᠢ ᠲᠡᠮᠡᠭᠡᠨ ᠪ᠊ ᠪᠠᠨ ᠬᠦᠵᠦᠭᠦᠦ | ᠮᠠᠩᠨᠠᠢ ᠶᠢ ᠨᠢ ᠲᠠᠪᠰᠢᠨ ᠢᠯᠢᠵᠦ ᠲᠡᠮᠡᠭᠡᠨ ᠳᠡᠭᠡᠨ ᠢᠲᠡᠭᠡᠯ ᠤᠷᠮ᠎ᠠ ᠬᠠᠶᠢᠷᠠᠯᠠᠳᠠᠭ᠃ ᠲᠡᠮᠡᠭᠡ ᠨᠢ ᠡᠵᠡᠨ ᠪ᠊ ᠪᠠᠨ ᠰᠠᠨᠠᠭ᠎ᠠ ᠶᠢ ᠣᠶᠢᠯᠠᠭᠠᠵᠤ᠂ ᠬᠤᠷᠳᠤ ᠨᠡᠮᠡᠨ | ᠳᠣᠪᠲᠣᠯᠭᠠᠬᠤ ᠴᠢᠨᠠᠭᠰᠢᠯᠠᠨ ᠰᠣᠭᠲᠣᠭᠤ ᠬᠥᠯᠴᠥᠭᠦᠦ ᠡᠵᠡᠨ ᠢᠶᠠᠨ ᠠᠴᠢᠵᠤ ᠠᠮᠤᠷ ᠮᠡᠨᠳᠦ ᠪᠠᠷ ᠭᠡᠷ ᠲᠡᠭᠡᠨ ᠪᠤᠴᠠᠳᠠᠭ ᠨᠢ ᠴᠤ ᠪᠤᠢ᠃ ᠡᠳᠡᠭᠡᠷ ᠨᠢ ᠪᠦᠷ | ᠲᠡᠮᠡᠭᠡ ᠪᠠᠨ ᠬᠢᠷᠢ ᠰᠠᠶᠢᠨ ᠰᠤᠷᠭᠠᠭᠰᠠᠨ᠂ ᠬᠡᠴᠢᠨᠡᠨ ᠬᠠᠶᠢᠷᠠᠯᠠᠵᠤ ᠳᠣᠳᠣᠮᠳᠠᠭᠰᠠᠨ ᠲᠠᠢ ᠰᠠᠯᠤᠰᠢ ᠦᠭᠡᠢ ᠬᠤᠯᠪᠤᠭ᠎ᠠ ᠲᠠᠢ᠃ ᠡᠶᠢᠮᠦ ᠠᠴᠠ ᠠᠯᠠᠱᠠ ᠨᠤᠲᠤᠭ ᠤᠨ | ᠵᠢᠩᠬᠢᠨᠢ ᠲᠡᠮᠡᠭᠡᠴᠢᠨ ᠲᠡᠮᠡᠭᠡ ᠪᠠᠨ ᠶᠡᠷᠦ ᠠᠳᠤᠭᠤᠰᠤ ᠠᠮᠢᠳᠠᠨ ᠭᠡᠵᠦ ᠦᠵᠡᠳᠡᠭ ᠦᠭᠡᠢ ᠬᠠᠷᠢᠨ ᠭᠡᠷ ᠪᠦᠯᠢ ᠶᠢᠨ ᠢᠶᠠᠨ ᠨᠢᠭᠡᠨ ᠪᠦᠷᠢᠯᠳᠦᠭᠦᠨ ᠢᠶᠠᠷ ᠦᠵᠡᠳᠡᠭ | ᠪᠢᠯᠡ᠃ | | | |